ᠠᠴᠠᠲᠣ ᠠᠭᠤᠯᠠ ᠶᠢᠨ ᠲᠣᠮᠤᠭ
ᠨᠡᠶᠢᠲᠡᠯᠡᠭᠰᠡᠨ ᠴᠠᠭ᠄
2019/9/19
    ᠡᠷᠲᠡ ᠤᠷᠢᠳᠤ ᠶᠢᠨ ᠴᠠᠭ ᠲᠤ᠂ ᠡᠵᠡᠨ ᠪᠣᠭᠳᠠ ᠴᠢᠩᠭᠢᠰ ᠬᠠᠭᠠᠨ ᠤ ᠥᠶ᠎ᠡ ᠳᠤ᠂ ᠠᠭᠤᠯᠠ ᠬᠠᠳᠠ ᠰᠡᠬᠦᠶᠢᠭᠰᠡᠨ᠂ ᠤᠷᠭᠤᠮᠠᠯ ᠡᠪᠡᠰᠦ ᠬᠠᠯᠢᠭᠤᠷᠠᠭᠰᠠᠨ᠂ ᠤᠰᠤ ᠪᠤᠯᠠᠭ ᠣᠨᠳᠤᠷᠠᠭᠰᠠᠨ ᠠᠷᠤ ᠭᠠᠵᠠᠷ ᠤᠨ ᠠᠷᠰᠢ ᠣᠷᠣᠨ ᠭᠡᠮᠡᠷ ᠡᠨᠡ ᠰᠠᠶᠢᠬᠠᠨ ᠨᠤᠲᠤᠭ ᠤᠨ ᠴᠡᠴᠡᠭ ᠵᠢᠮᠢᠰ ᠤᠷᠭᠤᠭᠰᠠᠨ᠂ ᠵᠢᠭᠦᠷᠲᠡᠨ ᠰᠢᠪᠠᠭᠤ ᠳᠣᠩᠭᠤᠳᠠᠭᠰᠠᠨ ᠲᠠᠯ᠎ᠠ ᠶᠢᠨ ᠭᠦᠨ ᠳᠤ ᠪᠠᠶᠢᠷᠢᠯᠠᠭᠰᠠᠨ ᠥᠨᠳᠦᠷ ᠰᠦᠷᠯᠢᠭ ᠠᠭᠤᠯᠠ ᠶᠢᠨ ᠭᠦᠨ ᠨᠢᠭᠤᠴᠠᠭᠠᠢ ᠠᠭᠤᠢ ᠳᠤ᠂ ᠠᠶᠤᠯ ᠤᠨ ᠬᠠᠷ᠎ᠠ ᠮᠠᠩᠭᠤᠰ ᠡᠭᠦᠷᠯᠡᠵᠦ᠂ ᠠᠷᠰᠢ ᠶᠢᠨ ᠣᠷᠣᠨ ᠢ ᠨᠢ ᠪᠤᠵᠠᠷᠯᠡᠵᠦ᠂ ᠠᠳᠤᠭᠤ ᠮᠠᠯ ᠡᠳ᠋ ᠬᠥᠷᠦᠩᠭᠡ ᠶᠢ ᠨᠢ ᠳᠡᠭᠡᠷᠡᠮᠳᠡᠵᠦ᠂ ᠠᠷᠠᠳ ᠢᠷᠭᠡᠳ ᠢ ᠨᠢ ᠠᠶᠤᠯ ᠤᠨ ᠬᠠᠷ᠎ᠠ ᠵᠣᠪᠠᠯᠠᠩ ᠳᠤ ᠤᠴᠠᠷᠠᠭᠤᠯᠵᠦ ᠭᠡᠨ᠎ᠡ᠃    ᠡᠭᠦᠨ ᠢ ᠮᠡᠳᠡᠭᠰᠡᠨ ᠴᠢᠩᠭᠢᠰ ᠬᠠᠭᠠᠨ ᠠᠭᠤᠷᠯᠠᠬᠤ ᠶᠢᠨ ᠶᠡᠭᠡ ᠪᠠᠷ ᠠᠭᠤᠷᠯᠠᠨ᠂ ᠠᠪᠤᠷᠭᠤ ᠶᠡᠭᠡ ᠬᠠᠶᠢᠷᠬᠠᠨ ᠤ ᠬᠠᠷᠪᠤᠭᠠᠴᠢ ᠶᠢᠨ ᠪᠣᠷᠣ ᠲᠣᠯᠤᠭᠠᠢ ᠳᠡᠭᠡᠷ᠎ᠡ ᠠᠴᠠ ᠠᠯᠤᠰ ᠵᠦᠭ ᠤᠨ ᠠᠴᠠᠲᠣ ᠠᠭᠤᠯᠠ ᠶᠢᠨ ᠨᠤᠲᠤᠭ ᠲᠤ ᠠᠶᠤᠯ ᠤᠨ ᠬᠠᠷ᠎ᠠ ᠮᠠᠩᠭᠤᠰ ᠡᠭᠦᠷᠯᠡᠵᠦ ᠪᠠᠶᠢᠭ᠎ᠠ ᠶᠢ ᠪᠢᠯᠢᠭ ᠤᠨ ᠨᠢᠳᠦ ᠪᠠᠷ ᠢᠶᠠᠨ ᠲᠣᠯᠢᠳᠠᠮᠠᠭᠴᠠ ᠡᠷᠳᠡᠨᠢ ᠶᠢᠨ ᠨᠤᠮᠤ ᠪᠠᠨ ᠠᠷᠪᠠᠨ ᠲᠠᠪᠤᠨ ᠤ ᠰᠠᠷ᠎ᠠ ᠰᠢᠭ ᠲᠡᠷᠭᠡᠯ ᠪᠣᠯᠲᠠᠯ᠎ᠠ ᠳᠠᠲᠠᠵᠣ ᠪᠢᠯᠢᠭ ᠤᠨ ᠰᠤᠮᠤ ᠪᠠᠨ ᠬᠠᠷᠪᠤᠮᠠᠭᠴᠠ᠂ ᠠᠪᠤᠷᠭᠤ ᠶᠡᠭᠡ ᠠᠭᠤᠯᠠ ᠨᠢ ᠬᠤᠶᠠᠷ ᠰᠠᠯᠠᠭ᠎ᠠ ᠪᠣᠯᠤᠨ ᠰᠡᠲᠡᠷᠡᠵᠦ᠂ ᠠᠷᠤ ᠳᠤᠨᠢ ᠨᠢᠭᠤᠭᠳᠠᠵᠤ ᠪᠠᠶᠢᠭᠰᠠᠨ ᠬᠠᠷ᠎ᠠ ᠮᠠᠩᠭᠤᠰ ᠤᠨ ᠵᠢᠷᠦᠬᠡ ᠶᠢ ᠨᠡᠪᠲᠡ ᠣᠨᠤᠵᠦ ᠭᠡᠨ᠎ᠡ  ᠃ ᠡᠭᠦᠨ ᠠᠴᠠ ᠬᠤᠶᠢᠰᠢ ᠠᠶᠤᠯ ᠤᠨ ᠬᠠᠷ᠎ᠠ ᠮᠠᠩᠭᠤᠰ ᠳᠠᠷᠤᠭᠳᠠᠵᠤ᠂ ᠠᠷᠠᠳ ᠲᠦᠮᠡᠨ ᠠᠵᠠ ᠵᠢᠷᠭᠠᠯ ᠲᠠᠢ ᠠᠮᠢᠳᠤᠷᠠᠵᠤ᠂ ᠠᠲᠠᠨ ᠲᠡᠮᠡᠭᠡᠨ ᠤ ᠪᠥᠬᠦ‍ ᠰᠢᠭ ᠡᠨᠡ ᠠᠭᠤᠯᠠ ᠶᠢ ᠠᠴᠠᠲᠣ ᠠᠭᠤᠯᠠ ᠬᠡᠮᠡᠨ ᠨᠡᠷᠡᠯᠡᠵᠦ ᠭᠡᠨ᠎ᠡ᠃    ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13 ᠠᠴᠠ ᠰᠡᠶᠢᠷᠡᠭᠦᠯᠪᠡ᠃
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号