ᠰᠠᠩᠪᠣᠯᠠᠭ - ᠰᠠᠩ ᠤᠨ ᠣᠪᠤᠭᠠᠨ ᠤ ᠳᠣᠮᠤᠭ
ᠨᠡᠶᠢᠲᠡᠯᠡᠭᠰᠡᠨ ᠴᠠᠭ᠄
2019/9/24
   ᠡᠷᠲᠡ ᠤᠷᠢᠳᠤ ᠴᠠᠭ ᠲᠤ᠂ ᠡᠵᠡᠨ ᠴᠢᠩᠭᠭᠢᠰ ᠤᠨ ᠥᠶ᠎ᠡ ᠳᠤ ᠪᠣᠭᠳᠠ ᠡᠵᠡᠨ ᠤ ᠡᠮᠦᠨᠡᠲᠦ ᠶᠢ ᠳᠠᠶᠢᠯᠠᠭᠴᠢ ᠬᠤᠰᠢᠭᠤᠴᠢ ᠶᠡᠭᠡ ᠵᠠᠩᠵᠤᠨ ᠵᠡᠪᠡ ᠥᠷᠯᠦᠭ ᠠᠷᠪᠠᠨ ᠲᠦᠮᠡᠨ ᠶᠡᠭᠡ ᠴᠡᠷᠢᠭ ᠢᠶᠠᠨ ᠳᠠᠶᠢᠴᠢᠯᠠᠵᠦ ᠠᠶᠠᠨ ᠳᠠᠶᠢᠨ ᠬᠢᠵᠦ ᠶᠠᠪᠤᠬᠤ ᠳᠠᠭᠠᠨ ᠠᠭᠯᠠᠭ ᠶᠡᠭᠡ ᠠᠭᠤᠵᠢᠮ ᠲᠡᠨᠢᠭᠡᠷ ᠲᠠᠮᠣᠴᠢ ᠶᠢᠨ ᠲᠠᠯ᠎ᠠ ᠪᠠᠷ ᠠᠶᠠᠯᠠᠬᠤ ᠳᠤ ᠠᠷᠪᠠᠨ ᠲᠦᠮᠡᠨ ᠴᠡᠷᠢᠭ ᠵᠠᠩᠵᠤᠨ ᠠᠭᠲᠠ ᠬᠥᠯᠦᠭ ᠨᠢ ᠤᠰᠤ ᠤᠮᠳᠠ ᠦᠭᠡᠢ ᠠᠩᠭᠠᠵᠦ ᠴᠠᠩᠭᠠᠵᠦ ᠤᠮᠳᠠᠭᠠᠰᠬᠤ ᠶᠢᠨ ᠳᠤᠶᠢᠯ ᠳᠤ ᠬᠦᠷᠴᠦ ᠭᠡᠨ᠎ᠡ᠃ ᠶᠡᠭᠡ ᠴᠡᠷᠢᠭ ᠤᠨ ᠳᠠᠶᠢᠴᠢᠯᠠᠨ ᠵᠠᠬᠢᠷᠤᠭᠴᠢ ᠲᠦᠷᠦᠭᠦᠦ ᠵᠠᠪᠠ ᠥᠷᠯᠦᠭ᠂ ᠭᠠᠵᠠᠷ ᠲᠤ ᠡᠷᠳᠡᠨᠢ ᠶᠢᠨ ᠰᠡᠯᠡᠮ᠎ᠡ ᠪᠠᠨ ᠱᠠᠭᠠᠵᠦ᠂ ᠭᠠᠵᠠᠷ ᠰᠦᠭᠦᠳᠴᠦ ᠮᠥᠩᠬᠡ ᠬᠥᠬᠡ ᠲᠡᠭᠷᠢ ᠳᠤ ᠮᠥᠷᠭᠦᠨ ︽ᠬᠥᠬᠡ ᠮᠥᠩᠭᠦᠨ ᠲᠡᠭᠷᠢ ᠮᠢᠨᠢ᠂ ᠬᠥᠷᠦᠰᠦᠲᠦ ᠠᠯᠲᠠᠨ ᠳᠡᠯᠡᠬᠡᠢ ᠮᠢᠨᠢ ᠥᠷᠦᠰᠢᠶᠡᠬᠦ ᠪᠣᠯᠲᠤᠭᠠᠢ︕ ᠬᠦᠷᠳᠦᠨ ᠤᠯᠠᠭᠠᠨ ᠨᠠᠷᠠ ᠮᠠᠨᠳᠤᠬᠤ ᠵᠦᠭ ᠲᠤ᠂ ᠬᠦᠴᠦᠲᠦ ᠶᠡᠭᠡ ᠴᠢᠩᠭᠢᠰ ᠬᠠᠭᠠᠨ ᠤ ᠵᠠᠷᠯᠢᠭ ᠢᠶᠠᠷ ᠠᠶᠠᠨ ᠳᠠᠶᠢᠨ ᠳᠤ ᠶᠠᠪᠤᠵᠦ ᠪᠠᠶᠢᠨ᠎ᠠ᠂ ᠠᠷᠠᠳ ᠴᠡᠷᠢᠭ ᠠᠭᠲᠠ ᠬᠥᠯᠦᠭ ᠮᠢᠨᠢ ᠤᠰᠤ ᠤᠮᠳᠠ ᠦᠭᠡᠢ ᠤᠮᠳᠠᠭᠠᠰᠴᠦ ᠪᠠᠶᠢᠨ᠎ᠠ︕ ᠤᠰᠤ ᠤᠮᠳᠠ ᠬᠠᠶᠢᠷᠠᠯᠠᠬᠤ ᠪᠣᠯᠪᠠᠤ︕︾ ᠭᠡᠵᠦ ᠳᠠᠭᠠᠳᠬᠠᠭᠰᠠᠨ ᠳᠤ ᠬᠤᠷᠤᠮᠬᠠᠨ ᠵᠠᠭᠤᠷ᠎ᠠ ᠡᠷᠳᠡᠨᠢ ᠶᠢᠨ ᠰᠡᠯᠡᠮ᠎ᠡ ᠬᠠᠳᠬᠤᠭᠰᠠᠨ ᠭᠠᠵᠠᠷ ᠠᠴᠠ ᠨᠢ ᠠᠷᠢᠭᠤᠨ ᠲᠤᠩᠭᠠᠯᠠᠭ ᠪᠤᠯᠠᠭ ᠤᠨ ᠤᠰᠤ ᠣᠨᠳᠤᠷᠠᠨ ᠭᠠᠷᠴᠦ ᠠᠷᠠᠳ ᠴᠡᠷᠢᠭ᠂ ᠠᠭᠲᠠ ᠬᠥᠯᠦᠭ ᠢ ᠨᠢ ᠬᠠᠨᠲᠤᠯ᠎ᠠ ᠤᠮᠳᠠᠯᠠᠭᠰᠠᠨ ᠭᠡᠨ᠎ᠡ᠃ ᠥᠷᠯᠦᠭ ᠪᠠᠭᠠᠲᠤᠷ ᠵᠠᠪᠠ ᠬᠤᠰᠢᠭᠤᠴᠢ ᠪᠠᠶᠠᠷᠯᠠᠬᠤ ᠳᠠᠭᠠᠨ ᠪᠤᠯᠠᠭ ᠤᠨ ᠡᠬᠢᠨ ᠤ ᠡᠮᠦᠨ᠎ᠡ ᠪᠠᠶᠢᠭ᠎ᠠ ᠥᠨᠳᠦᠷ ᠰᠦᠷᠯᠢᠭ ᠣᠪᠤᠭᠠᠨ ᠳᠡᠭᠡᠷ᠎ᠡ ᠰᠠᠩ ᠲᠠᠯᠪᠢᠵᠦ᠂ ᠪᠥᠬᠡ ᠪᠠᠷᠢᠯᠳᠤᠭᠤᠯᠤᠨ᠂ ᠮᠣᠷᠢ ᠤᠷᠤᠯᠳᠤᠭᠤᠯᠤᠨ ᠴᠡᠷᠢᠭ ᠠᠷᠠᠳ ᠢᠶᠠᠨ ᠪᠠᠶᠠᠷᠯᠠᠭᠤᠯᠤᠭᠰᠠᠨ ᠳᠤ᠂ ᠰᠠᠩ ᠤᠨ ᠦᠨᠦᠷ ᠨᠢ ᠬᠡᠳᠦᠨ ᠠᠷᠪᠠᠨ ᠭᠠᠵᠠᠷ ᠦᠨᠦᠷᠲᠡᠵᠦ ᠭᠡᠨ᠎ᠡ᠃ ᠡᠭᠦᠨ ᠠᠴᠠ ᠬᠤᠶᠢᠰᠢ ᠡᠨᠡ ᠪᠤᠯᠠᠭ ᠢ ᠰᠠᠩᠪᠤᠯᠠᠭ ᠬᠡᠮᠡᠨ ᠨᠡᠷᠡᠯᠡᠵᠦ᠂ ᠣᠪᠣᠭ᠎ᠠ ᠶᠢ ᠨᠢ ᠰᠠᠩ ᠤᠨ ᠣᠪᠣᠭ᠎ᠠ ᠬᠡᠮᠡᠨ ᠨᠡᠷᠡᠯᠡᠵᠦ ᠨᠤᠲᠤᠭ ᠤᠨ ᠮᠠᠯᠴᠢᠳ ᠳᠠᠬᠢᠯᠭᠠᠲᠣ ᠣᠪᠣᠭ᠎ᠠ ᠪᠣᠯᠭᠠᠨ ᠰᠢᠲᠦᠨ ᠳᠠᠬᠢᠵᠦ ᠬᠤᠷ᠎ᠠ ᠪᠤᠷᠤᠭᠠᠨ ᠳᠠᠭᠠᠳᠬᠠᠳᠠᠭ ᠭᠡᠨ᠎ᠡ᠃        ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13 ᠠᠴᠠ ᠰᠡᠶᠢᠷᠡᠭᠦᠯᠪᠡ᠃
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号