ᠴᠠᠭᠠᠨ ᠨᠠᠭᠤᠷ ᠤᠨ ᠳᠣᠮᠤᠭ
ᠨᠡᠶᠢᠲᠡᠯᠡᠭᠰᠡᠨ ᠴᠠᠭ᠄
2019/9/27
   ᠥᠷᠭᠡᠨ ᠲᠡᠮᠥᠴᠢ ᠶᠢᠨ ᠬᠡᠪᠡᠯᠢ ᠳᠠᠬᠢ ᠥᠷᠭᠡᠨᠲᠠᠯ᠎ᠠ ᠪᠠᠯᠭᠠᠰᠤᠨ ᠤ ᠨᠤᠲᠤᠭ ᠲᠤ ᠴᠠᠭᠠᠨ ᠨᠠᠭᠤᠷ ᠤᠨ ᠬᠤᠵᠢᠷ ᠭᠡᠵᠦ ᠪᠠᠶᠢᠳᠠᠭ᠃ ᠡᠷᠲᠡ ᠤᠷᠢᠳᠤ ᠶᠢᠨ ᠴᠠᠭ ᠲᠤ ᠡᠷ᠎ᠡ ᠨᠥᠬᠦᠷ ᠰᠥᠨᠢᠳ ᠵᠠᠯᠠᠭᠤ ᠪᠠᠨ ᠡᠷᠢᠵᠦ ᠴᠥᠬᠦᠷᠡᠬᠦ ᠳᠡᠭᠡᠨ ᠡᠨᠡᠯᠡᠵᠦ ᠰᠢᠨᠠᠯᠠᠵᠦ ᠵᠣᠪᠠᠵᠤ ᠵᠦᠳᠡᠷᠡᠭᠰᠡᠨ ᠳᠡᠮᠦ ᠬᠡᠦᠬᠡᠨ ᠤᠬᠢᠯᠠᠵᠤ ᠤᠨᠵᠢᠨ ᠲᠡᠮᠤᠴᠢ ᠶᠢᠨ ᠲᠠᠯ᠎ᠠ ᠶᠢᠨ ᠭᠦᠨ ᠳᠤ ᠨᠠᠰᠤ ᠪᠠᠷᠠᠭᠰᠠᠨ ᠳᠤ ᠦᠨᠡᠨᠴᠢ ᠬᠠᠶᠢᠷ᠎ᠠ ᠶᠢᠨ ᠨᠢᠯᠪᠤᠰᠤ ᠨᠢ ᠦᠶᠡᠷᠯᠡᠭᠡᠳ ᠨᠠᠭᠤᠷ ᠪᠣᠯᠤᠨ ᠳᠣᠭᠲᠠᠵᠤ᠂ ᠡᠷᠳᠡᠨᠢ ᠶᠢᠨ ᠠᠷᠢᠭᠤᠨ ᠪᠡᠶ᠎ᠡ ᠴᠣᠭᠴᠠᠰ ᠨᠢ ᠬᠥᠮᠦᠨ ᠠᠷᠠᠳ ᠲᠤ ᠳᠤᠰᠠᠲᠠᠢ ᠬᠤᠵᠢᠷ ᠱᠤᠤ ᠪᠤᠯᠤᠨ ᠬᠤᠪᠢᠷᠠᠵᠤ ᠭᠡᠨ᠎ᠡ᠃ ᠠᠮᠠᠷᠠᠭ ᠰᠡᠳᠭᠢᠯ ᠳᠡᠭᠡᠨ ᠦᠨᠡᠨᠴᠢ ᠠᠰᠪᠤᠷᠢ ᠴᠠᠭᠠᠪᠤᠷᠢ ᠵᠠᠩ ᠲᠠᠢ ᠲᠡᠮᠥ ᠬᠡᠦᠬᠡᠨ ᠠᠯᠲᠠᠨ ᠳᠡᠯᠡᠬᠡᠢ ᠠᠴᠠ ᠬᠠᠯᠢᠴᠢᠬᠠᠭᠠᠳ ᠪᠠᠰᠠ ᠠᠷᠢᠭᠤᠨ ᠨᠠᠨᠳᠢᠨ ᠪᠡᠶ᠎ᠡ ᠴᠣᠭᠴᠠᠰ ᠨᠢ ᠠᠷᠠᠳ ᠲᠦᠮᠡᠨ ᠳᠤ ᠠᠰᠢᠭ ᠲᠠᠢ ᠠᠶᠢᠷᠠᠭ ᠲᠠᠷᠠᠭ ᠰᠢᠭ ᠰᠦᠨ ᠴᠠᠭᠠᠨ ᠬᠤᠵᠢᠷ ᠱᠤᠤ ᠪᠣᠯᠤᠨ ᠬᠤᠪᠢᠷᠠᠵᠤ ᠠᠭᠤᠳᠠᠮ ᠲᠡᠮᠥᠴᠢ ᠶᠢᠨ ᠬᠡᠪᠡᠯᠢ ᠳᠤ ᠴᠠᠶᠢᠯᠵᠠᠨ ᠬᠠᠷᠠᠭᠳᠠᠳᠠᠭ ᠠᠴᠠ ᠴᠠᠭᠠᠨ ᠨᠠᠭᠤᠷ ᠬᠡᠮᠡᠨ ᠨᠡᠷᠡᠯᠡᠵᠦ ᠭᠡᠨ᠎ᠡ᠃     ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13 ᠠᠴᠠ ᠰᠡᠶᠢᠷᠡᠭᠦᠯᠪᠡ᠃  
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号