ᠲᠡᠮᠥᠴᠢ ᠶᠢᠨ ᠲᠠᠯ᠎ᠠ ᠶᠢᠨ ᠳᠣᠮᠤᠭ
ᠨᠡᠶᠢᠲᠡᠯᠡᠭᠰᠡᠨ ᠴᠠᠭ᠄
2019/10/8
   ᠡᠷᠲᠡ ᠤᠷᠢᠲᠤ ᠶᠢᠨ ᠴᠠᠭ ᠲᠤ ᠰᠥᠨᠢᠳ ᠭᠡᠰᠡᠨ ᠨᠡᠷ᠎ᠡ ᠲᠠᠢ ᠰᠥᠰᠦ ᠵᠣᠷᠢᠭ ᠲᠠᠢ᠂ ᠡᠷᠡᠯᠬᠡᠭ ᠪᠠᠭᠠᠳᠤᠷᠯᠢᠭ ᠵᠠᠩ ᠲᠠᠢ ᠠᠳᠤᠭᠤᠴᠢᠨ ᠵᠠᠯᠠᠭᠤ ᠡᠷᠢᠯ ᠰᠤᠷᠠᠭ ᠢᠶᠠᠷ ᠶᠠᠪᠤᠭᠰᠠᠭᠠᠷ ᠪᠠᠶᠢᠭᠠᠳ ᠡᠨᠡ ᠠᠭᠤᠳᠠᠮ ᠶᠡᠭᠡ ᠲᠠᠯ᠎ᠠ ᠶᠢᠨ ᠳᠤᠮᠳᠠ ᠰᠠᠷᠭᠠᠢ ᠴᠡᠴᠡᠭ ᠢ ᠢᠴᠢᠭᠡᠮ᠎ᠡ᠂ ᠰᠠᠷᠠᠨ ᠳᠠᠭᠢᠨᠢ ᠰᠢᠭ ᠰᠠᠶᠢᠬᠠᠨ ᠲᠥᠷᠦᠭᠰᠡᠨ ᠲᠠᠮᠥ ᠭᠡᠭᠴᠢ ᠬᠤᠨᠢᠴᠢᠨ ᠬᠡᠦᠬᠡᠨ ᠲᠠᠢ ᠲᠠᠨᠢᠯᠴᠠᠵᠤ ᠭᠡᠨ᠎ᠡ᠃ ᠬᠤᠶᠠᠷ ᠵᠠᠯᠠᠭᠤ ᠠᠭᠤᠯᠵᠠᠮᠠᠭᠴᠠ ᠪᠠᠨ ᠪᠠᠶ᠎ᠡ ᠪᠡᠶ᠎ᠡ ᠪᠠᠨ ᠲᠣᠭᠤᠵᠤ ᠭᠦᠨ ᠵᠤᠵᠠᠭᠠᠨ ᠬᠠᠶᠢᠷ᠎ᠠ ᠰᠡᠳᠭᠢᠯ ᠲᠠᠢ ᠪᠣᠯᠵᠤ ᠭᠡᠨ᠎ᠡ᠃ ᠰᠥᠨᠢᠳ ᠵᠠᠯᠠᠭᠤ ᠰᠦ ᠰᠢᠭ ᠴᠠᠶᠢᠯᠭᠠᠨ ᠰᠡᠳᠭᠢᠯ ᠲᠠᠢ᠂ ᠰᠦᠷᠡᠬᠡᠢ ᠰᠠᠶᠢᠬᠠᠨ ᠲᠦᠷᠦᠭᠰᠡᠨ ᠬᠤᠨᠢᠴᠢᠨ ᠬᠡᠥᠬᠡᠨ ᠤ ᠭᠦᠨ ᠵᠤᠵᠠᠭᠠᠨ ᠢᠨᠠᠭ ᠬᠠᠯᠠᠭᠤᠨ ᠰᠡᠳᠭᠢᠯ ᠳᠤ ᠨᠢ ᠳᠠᠰᠴᠤ ᠰᠠᠯᠵᠤ ᠶᠠᠳᠠᠨ ᠪᠠᠶᠢᠪᠠᠴᠤ᠂ ᠠᠷᠤ ᠭᠡᠷ ᠠᠳᠤᠭᠤ ᠮᠠᠯ ᠤᠨ ᠡᠷᠢᠯ ᠳᠤ ᠪᠠᠨ ᠶᠠᠪᠤᠬᠤ ᠦᠭᠡᠢ ᠪᠣᠯᠬᠤ ᠦᠭᠡᠢ ᠲᠤᠯᠠ ᠠᠷᠭ᠎ᠠ ᠪᠤᠰᠣ ᠬᠠᠶᠢᠷᠠᠲᠦ ᠬᠡᠥᠬᠡᠨ ᠠᠴᠠ ᠪᠠᠨ ᠰᠠᠯᠵᠤ ᠶᠠᠪᠤᠬᠤ ᠳᠤ ᠪᠠᠨ ᠢᠷᠡᠬᠦ ᠵᠢᠯ ᠤᠨ ᠵᠤᠨ ᠤ ᠲᠡᠷᠢᠭᠦᠨ ᠰᠠᠷ᠎ᠠ ᠶᠢᠨ ᠰᠠᠷᠠ ᠲᠡᠷᠭᠡᠯᠰᠢᠬᠦ ᠥᠶ᠎ᠡ ᠪᠠᠷ ᠬᠤᠣᠰ ᠮᠣᠷᠢ ᠲᠠᠢ ᠢᠷᠡᠵᠦ ᠬᠠᠶᠢᠷᠠᠲᠦ ᠬᠤᠩᠭᠤᠷ ᠢᠶᠠᠨ ᠳᠣᠰᠴᠤ ᠬᠠᠮᠲᠤ ᠪᠠᠷ ᠠᠮᠢᠳᠤᠷᠠᠬᠤ ᠪᠠᠷ ᠪᠤᠯᠵᠦᠵᠤ ᠭᠡᠨ᠎ᠡ᠃    ᠰᠥᠨᠢᠳ ᠵᠠᠯᠠᠭᠤ ᠴᠢᠨᠠᠭᠰᠢ ᠡᠷᠢᠯ ᠢᠶᠠᠷ ᠶᠠᠪᠤᠵᠤ ᠠᠳᠤᠭᠤ ᠮᠠᠯ ᠢᠶᠠᠨ ᠣᠯᠵᠤ ᠨᠤᠲᠤᠭ ᠲᠤ ᠪᠠᠨ ᠬᠠᠷᠢᠭᠠᠳ᠂ ᠨᠢᠭᠡᠨ ᠤᠳᠠᠭᠠᠨ ᠤ ᠠᠳᠤᠭᠤᠨ ᠳᠡᠯᠯᠡᠭᠡ ᠳᠡᠭᠡᠷ᠎ᠡ ᠬᠦᠷᠴᠦ᠂ ᠲᠦᠷᠦᠭᠰᠡᠨ ᠠᠴᠠ ᠨᠢ ᠠᠪᠤᠭᠠᠳ ᠬᠥᠮᠦᠨ ᠤ ᠭᠠᠷ ᠬᠦᠷᠴᠦ ᠦᠵᠡᠭᠡ ᠦᠭᠡᠢ ᠠᠩᠭᠠᠯ ᠡᠮᠨᠢᠭ ᠳᠣᠭᠰᠢᠨ ᠠᠵᠢᠷᠭ᠎ᠠ ᠶᠢ ᠨᠣᠮᠤᠳᠬᠠᠬᠤ ᠭᠡᠳ ᠠᠵᠠ ᠪᠤᠰᠤ ᠪᠠᠷ ᠠᠳᠡᠵᠦ ᠠᠮᠠᠷᠠᠭ ᠬᠤᠩᠭᠤᠷ ᠲᠤ ᠪᠠᠨ ᠪᠤᠴᠠᠵᠤ ᠢᠷᠡᠵᠤ ᠴᠢᠳᠠᠭᠰᠠᠨ ᠦᠭᠡᠢ ᠡᠭᠦᠷᠢᠳᠡ ᠶᠢᠷᠲᠢᠨᠴᠦ ᠠᠴᠠ ᠠᠩᠭᠢᠵᠢᠷᠠᠵᠤ ᠭᠡᠨ᠎ᠡ ᠃ ᠡᠭᠦᠨ ᠠᠴᠠ ᠬᠤᠶᠢᠰᠢ ᠭᠡᠴᠢᠨᠡᠨ ᠵᠢᠯ ᠬᠦᠯᠢᠶᠡᠵᠦ ᠰᠠᠭᠤᠭᠰᠠᠨ ᠬᠡᠦᠬᠡᠨ ᠬᠤᠩᠭᠤᠷ ᠲᠠᠮᠦ ᠨᠢ ᠰᠥᠨᠢᠳ ᠵᠠᠯᠠᠭᠤ ᠪᠠᠨ ᠡᠷᠢᠬᠦ ᠪᠠᠷ ᠤᠰᠤ ᠤᠮᠳᠠ ᠦᠭᠡᠢ ᠡᠨᠡ ᠠᠭᠤᠳᠠᠮ ᠶᠡᠭᠡ ᠲᠠᠯ᠎ᠠ ᠳᠤ ᠠᠩᠭᠠᠵᠦ ᠴᠠᠩᠭᠠᠵᠦ ᠨᠠᠰᠤ ᠪᠠᠷᠠᠭᠰᠠᠨ ᠶᠤᠮ ᠭᠡᠨ᠎ᠡ᠃ ᠡᠨᠡ ᠨᠤᠲᠤᠭ ᠤᠨ ᠬᠥᠮᠦᠰ ᠬᠠᠶᠢᠷ᠎ᠠ ᠰᠡᠳᠭᠢᠯ ᠳᠤ ᠪᠠᠨ ᠦᠨᠡᠨᠴᠢ ᠪᠠᠶᠢᠳᠠᠭ ᠲᠡᠮᠥ ᠬᠡᠦᠬᠡᠨ ᠢ ᠳᠤᠷᠠᠰᠬᠠᠬᠤ ᠳᠤ ᠪᠠᠨ ᠡᠨᠡ ᠲᠠᠯ᠎ᠠ ᠶᠢ ︽ᠲᠡᠮᠥᠴᠢ ᠶᠢᠨ ᠲᠠᠯ᠎ᠠ︾ ᠬᠡᠮᠡᠨ ᠨᠡᠷᠡᠯᠡᠵᠤ᠂ ᠦᠨᠡᠨᠴᠢ ᠬᠠᠶᠢᠷ᠎ᠠ  ᠲᠠᠢ ᠬᠤᠶᠠᠷ ᠵᠠᠯᠠᠭᠤ ᠶᠢᠨ ᠨᠡᠷ᠎ᠡ ᠶᠢᠨ ᠤᠶᠠᠯᠳᠤᠯ ᠪᠣᠯᠵᠤ ᠲᠡᠮᠥᠴᠢ ᠶᠢᠨ ᠰᠥᠨᠢᠳ ᠭᠡᠳᠡᠭ ᠭᠡᠨ᠎ᠡ᠃    ᠡᠨᠡ ᠳᠣᠬᠠᠢ ᠪᠠᠰᠠ ᠨᠢᠭᠡ ᠳᠣᠮᠤᠭ ᠶᠠᠷᠢᠶ᠎ᠠ ᠪᠠᠶᠢᠳᠠᠭ ᠢ ᠰᠠᠶᠢᠨᠪᠠᠶᠠᠷ ᠭᠤᠸᠠᠢ ᠡᠮᠬᠢᠳᠬᠡᠵᠦ ︽ᠰᠥᠨᠢᠳ ᠪᠠᠷᠠᠭᠤᠨ ᠬᠤᠰᠢᠭᠤᠨ ᠤ ᠲᠡᠦᠬᠡᠨ ᠮᠠᠲ᠋ᠧᠷᠢᠶᠠᠯ︾ ᠤᠨ 3  ᠳ᠋ᠤᠭᠠᠷ ᠡᠮᠬᠢᠳᠭᠡᠯ ︵1986 ᠣᠨ ᠳᠤ ᠬᠡᠪᠯᠡᠭᠦᠯᠪᠡ︶ ᠳᠤ ᠨᠡᠶᠢᠲᠡᠯᠡᠭᠦᠯᠵᠦ ᠦᠩᠭᠡᠷᠡᠪᠡ᠃    ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13 ᠠᠴᠠ ᠰᠡᠶᠢᠷᠡᠭᠦᠯᠪᠡ᠃  
 
ᠢᠷᠡᠯᠲᠡ᠄ ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号