ᠠᠯᠲᠠ ᠶᠢᠨ ᠭᠤᠣᠯ ᠤᠨ ᠳᠣᠮᠤᠭ
ᠨᠡᠶᠢᠲᠡᠯᠡᠭᠰᠡᠨ ᠴᠠᠭ᠄
2019/9/29
   ᠰᠥᠨᠢᠳ ᠪᠠᠷᠠᠭᠤᠨ ᠬᠤᠰᠢᠭᠤᠨ ᠤ ᠰᠠᠶᠢᠬᠠᠨ᠋ᠥ᠌ᠯᠵᠡᠢ ᠰᠣᠮᠤᠨ ᠤ ᠳᠣᠷᠤᠮ ᠭᠠᠴᠠᠭᠠᠨ ᠳᠤ ᠠᠯᠲᠠ ᠶᠢᠨ ᠭᠤᠣᠯ ᠭᠡᠳᠡᠭ ᠭᠠᠵᠠᠷ ᠪᠠᠶᠢᠳᠠᠭ᠃ ᠡᠨᠡ ᠨᠤᠲᠤᠭ ᠤᠨ ᠠᠷᠠᠳ ᠤᠨ ᠳᠤᠮᠳᠠ ᠡᠶᠢᠮᠦ ᠨᠢᠭᠡ ᠰᠠᠶᠢᠬᠠᠨ ᠳᠣᠮᠤᠭ ᠪᠠᠶᠢᠳᠠᠭ᠃    ᠡᠷᠲᠡ ᠤᠷᠢᠳᠤ ᠶᠢᠨ ᠥᠶ᠎ᠡ ᠳᠤ᠂ ᠡᠨᠡ ᠨᠤᠲᠤᠭ ᠲᠤ ᠪᠤᠯᠠᠭ ᠤᠰᠤ ᠭᠡᠮᠡᠷ ᠶᠠᠭᠤᠮ᠎ᠠ ᠦᠭᠡᠢ᠂ ᠬᠠᠮᠢᠭᠠᠰᠢ ᠪᠠᠨ ᠬᠠᠷᠠᠭᠰᠠᠨ ᠴᠤ ᠨᠢᠳᠦ ᠠᠯᠳᠠᠮ᠎ᠠ ᠥᠨᠳᠦᠷ ᠥᠨᠳᠦᠷ ᠴᠠᠭᠠᠨ ᠮᠠᠩᠬ᠎ᠠ ᠪᠠᠶᠢᠭᠰᠠᠨ ᠭᠡᠨ᠎ᠡ᠃ ᠡᠨᠡ ᠨᠤᠲᠤᠭ ᠲᠤ ᠨᠢᠭᠡᠨ ᠦᠷ᠎ᠡ ᠬᠡᠦᠬᠡᠳ ᠦᠭᠡᠢ ᠪᠡᠲᠡᠷᠢᠵᠦ ᠶᠠᠳᠠᠷᠠᠭᠰᠠᠨ ᠥᠨᠦᠴᠢᠨ ᠪᠡᠯᠪᠡᠰᠦᠨ ᠪᠥᠰᠡᠭᠦᠢ ᠵᠠᠮ ᠶᠠᠪᠤᠭᠰᠠᠭᠠᠷ ᠪᠠᠶᠢᠭᠠᠳ ᠲᠥᠭᠡᠷᠢᠵᠦ ᠤᠰᠤ ᠤᠮᠳᠠ ᠦᠭᠡᠢ ᠠᠩᠭᠠᠵᠦ ᠴᠠᠩᠭᠠᠵᠦ ᠦᠬᠦᠬᠦ ᠰᠢᠬᠠᠭᠰᠠᠨ ᠳᠤ᠂ ᠡᠯᠡᠰᠦᠨ ᠤ ᠬᠤᠩᠬᠢᠯ ᠳᠤ ᠰᠠᠨᠳᠠᠷᠠᠩᠭᠤᠲᠠ ᠪᠠᠨ ᠠᠮᠠᠨ ᠱᠠᠩᠳᠠ ᠮᠠᠯᠲᠠᠭᠰᠠᠨ ᠳᠤ ᠠᠯᠲᠠᠨ ᠠᠪᠳᠠᠷ᠎ᠠ ᠲᠠᠢ ᠨᠣᠮ ᠢᠯᠡᠷᠡᠵᠦ ᠭᠡᠨ᠎ᠡ᠃ ᠨᠣᠮ ᠢ ᠨᠢ ᠠᠪᠤᠮᠠᠭᠴᠠ ᠪᠣᠯᠤᠷ ᠲᠤᠩᠭᠠᠯᠠᠭ ᠤᠰᠤ ᠣᠷᠭᠢᠯᠠᠨ ᠤᠷᠤᠰᠤᠭᠠᠳ ᠪᠤᠯᠠᠭ ᠪᠣᠯᠵᠤ ᠭᠡᠨ᠎ᠡ᠃ ᠡᠭᠦᠨ ᠠᠴᠠ ᠬᠤᠶᠢᠰᠢ ᠡᠨᠡ ᠨᠤᠲᠤᠭ ᠡᠪᠡᠰᠦ ᠬᠤᠯᠤᠰᠤ ᠬᠠᠯᠢᠭᠤᠷᠠᠨ ᠤᠷᠭᠤᠵᠤ᠂ ᠲᠠᠪᠤᠨ ᠬᠤᠰᠢᠭᠤ ᠮᠠᠯ ᠲᠥᠭᠡᠮᠡᠯ ᠦᠷᠡᠵᠢᠭᠰᠡᠨ ᠰᠠᠶᠢᠬᠠᠨ ᠨᠤᠲᠤᠭ ᠪᠤᠯᠵᠦ ᠬᠤᠪᠢᠷᠠᠵᠤ ᠭᠡᠨ᠎ᠡ᠃ ᠡᠮᠡᠭᠡᠨ ᠭᠤᠸᠠᠢ ᠲᠡᠷᠡ ᠨᠣᠮ ᠢ ᠪᠠᠷᠠᠭᠤᠨ ᠡᠮᠦᠨ᠎ᠡ ᠪᠠᠶᠢᠭᠰᠠᠨ ᠰᠥᠮᠡᠲᠦ ᠶᠢᠨ ᠭᠦᠯᠢᠶᠡᠨ ᠤ ᠡᠩᠭᠡᠷ ᠲᠤ ᠪᠠᠶᠢᠭᠰᠠᠨ ᠵᠢᠵᠢᠭ ᠰᠦᠮ᠎ᠡ ᠳᠤ ᠡᠷᠭᠦᠭᠰᠡᠨ ᠳᠤ ᠰᠦᠮ᠎ᠡ ᠶᠢᠨ ᠯᠠᠮ᠎ᠠ ᠨᠠᠷ ᠦᠵᠡᠭᠡᠳ ︽ᠠᠯᠲᠠᠨᠭᠡᠷᠡᠯ︾ ᠰᠤᠳᠤᠷ ᠭᠡᠵᠦ ᠭᠡᠨ᠎ᠡ᠃ ᠲᠡᠭᠦᠨ ᠠᠴᠠ ᠬᠤᠶᠢᠰᠢ ᠡᠨᠡ ᠨᠤᠲᠤᠭ ᠤᠨ ᠤᠶᠢᠷ᠎ᠠ ᠣᠷᠴᠢᠨ ᠳᠤ ᠣᠯᠠᠨ ᠰᠦᠮ᠎ᠡ ᠬᠡᠶᠢᠳ ᠪᠣᠢ ᠪᠣᠯᠵᠤ ᠱᠠᠰᠢᠨ ᠳᠡᠯᠭᠡᠷᠡᠭᠰᠡᠨ ᠭᠡᠨ᠎ᠡ᠂ ᠵᠢᠱᠢᠶᠡᠯᠡᠪᠡᠯ ᠲᠣᠭᠤᠭᠠᠲᠤ ᠰᠦᠮ᠎ᠡ᠂ ᠵᠢᠷᠤᠬᠠᠶᠢᠴᠢ ᠶᠢᠨ ᠰᠦᠮ᠎ᠡ᠂ ᠴᠢᠯᠠᠭᠤᠲᠤ ᠶᠢᠨ ᠰᠦᠮ᠎ᠡ ᠵᠡᠷᠭᠡ ᠪᠤᠢ᠃ ᠲᠡᠷᠡ ᠵᠢᠵᠢᠭᠬᠡᠨ ᠰᠦᠮ᠎ᠡ ᠨᠢ ᠰᠡᠭᠦᠯᠡᠷ ᠨᠡᠭᠦᠳᠡᠯ ᠡᠯᠡᠰᠦᠨ ᠤ ᠳᠣᠣᠷ᠎ᠠ ᠣᠷᠣᠯ᠎ᠠ ᠭᠡᠳᠡᠭ᠃ ᠣᠳᠣ ᠲᠡᠷᠡ ᠭᠠᠵᠠᠷ ᠰᠦᠮᠡᠲᠦ ᠶᠢᠨ ᠭᠥᠯᠢᠶᠡᠨ ᠭᠡᠵᠦ ᠪᠣᠢ᠃ ᠪᠢ ᠲᠡᠨᠳᠠ ᠬᠦᠷᠴᠦ ᠨᠠᠶᠠ ᠬᠦᠷᠦᠭᠰᠡᠨ ᠨᠤᠲᠤᠭ ᠤᠨ ᠪᠤᠭᠤᠷᠤᠯ ᠭᠡᠨᠳᠦᠨ ᠭᠤᠸᠠᠢ ᠶᠢ ᠰᠣᠷᠪᠤᠯᠵᠢᠯᠠᠬᠤ ᠳᠤ ᠢᠩᠭᠢᠵᠦ ᠬᠡᠯᠡᠵᠦ ᠪᠠᠶᠢᠯ᠎ᠠ᠃                                            ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13 ᠠᠴᠠ ᠰᠡᠶᠢᠷᠡᠭᠦᠯᠪᠡ᠃  
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号