ᠦᠷᠭᠦᠯᠵᠢ ᠢᠰᠬᠡᠭᠦᠷ ᠠᠭᠤᠯᠤᠭᠰᠠᠨ ᠢᠳᠡᠭᠡᠨ ᠢᠳᠡᠬᠦ ᠨᠢ ᠪᠡᠶ᠎ᠡ ᠳᠤ ᠮᠠᠭᠤ ᠭᠡᠨ᠎ᠡ ᠤᠤ︖
ᠨᠡᠶᠢᠲᠡᠯᠡᠭᠰᠡᠨ ᠴᠠᠭ᠄
2024/5/20
     ᠢᠰᠬᠡᠭᠦᠷ ᠨᠢ ᠨᠢᠭᠡ ᠵᠦᠢᠯ ᠤᠨ ᠠᠮᠢᠳᠤ ᠪᠣᠳᠠᠰ ᠤᠨ ᠬᠥᠪᠰᠦ᠋ᠢᠯᠭᠡᠬᠦ  ᠡᠳ᠋  ᠪᠣᠯᠤᠭᠰᠠᠨ ᠤ  ᠬᠤᠪᠢ ᠳᠤ᠂  ᠮᠠᠨᠲᠠᠤ᠂ᠲᠠᠯᠬ᠎ᠠ ᠬᠢᠬᠦ ᠶᠠᠪᠤᠴᠠ ᠳᠤ ᠭᠡᠷᠡᠭᠯᠡᠵᠦ᠂ ᠢᠰᠬᠡᠬᠦ ᠦᠶ᠎ᠡ ᠳᠤ ᠦᠨᠡᠬᠡᠷ ᠨᠡᠭᠦᠷᠡᠰᠦᠲᠥ᠋ᠷᠥᠭᠴᠢ ᠶᠢᠨ ᠳᠠᠪᠬᠤᠷ  ᠢᠰᠦᠯ  ᠡᠭᠦᠰᠳᠡᠭ‌‍ᠪᠠᠶᠢᠨ᠎ᠠ᠂ ᠭᠡᠪᠡᠴᠦ ᠢᠰᠬᠡᠭᠦᠷ ᠤᠨ ᠢᠰᠬᠡᠬᠦ ᠶᠠᠪᠤᠴᠠ ᠪᠠ ᠬᠡᠢ ᠡᠭᠦᠰᠭᠡᠬᠦ ᠴᠢᠳᠠᠪᠤᠷᠢ ᠨᠢ ᠬᠠᠯᠠᠭᠤᠨ  ᠤ ᠭᠡᠮᠵᠢᠶ᠎ᠡ᠂  ᠭᠤᠯᠢᠷ  ‍ᠤᠨ‌‍ᠪᠦ᠋ᠷᠢᠯᠳᠦᠬᠦᠨ᠂ pH ᠬᠡᠮᠵᠢᠭᠳᠡᠯ ᠵᠡᠷᠭᠡ ᠤᠯᠠᠨ ᠲᠠᠯ᠎ᠠ ᠶᠢᠨ ᠡᠯᠧᠮᠧᠨ᠋ᠲ ᠤᠨ ᠨᠥᠯᠥᠭᠡ ᠶᠢ ᠬᠦᠷᠳᠡᠳᠡᠭ᠃      ᠡᠶᠢᠮᠦ ᠠᠴᠠ ᠰᠠᠶ᠋ᠢᠬᠠᠨ ᠵᠢᠩᠨᠡᠵᠦ ᠭᠠᠷᠭᠠᠭᠰᠠᠨ ᠮᠠᠨᠲᠠᠤ ᠪᠤᠶᠤ ᠰᠠᠶ᠋ᠢᠬᠠᠨ ᠰᠢᠷᠠᠵᠦ  ᠭᠠᠷᠭᠠᠬᠰᠠᠨ  ᠲᠠᠯᠬ᠎ᠠ   ᠳᠤ  ᠶᠡᠭᠡ‌‍ᠬᠡᠮᠵᠢᠶᠡᠨ ᠤ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠪᠣᠶ ᠪᠣᠯᠬᠤ ᠪᠤᠶᠤ ᠣᠷᠣᠰᠢᠵᠤ ᠪᠠᠶᠢᠬᠤ ᠠᠴᠠ ᠵᠣᠪᠠᠭᠰᠠᠨ   ᠤ  ᠬᠡᠷᠡᠭ‌ᠥᠬᠡᠶ᠂ ᠰᠠᠨᠠᠭ᠎ᠠ ᠠᠮᠤᠷ ᠢᠳᠡᠭᠡᠷᠡᠢ᠃ ᠲᠡᠷᠡᠴᠢᠯᠡᠨ  ᠰᠠᠶ᠋ᠢᠬᠠᠨ  ᠵᠢᠩᠨᠡᠵᠦ  ᠭᠠᠷᠭᠠᠭᠰᠠᠨ  ᠮᠠᠨᠲᠠᠤ  ᠪᠤᠶᠤ  ᠰᠠᠶ᠋ᠢᠬᠠᠨ  ᠰᠢᠷᠠᠵᠦ‌ᠭᠠᠷᠭᠠᠬᠰᠠᠨ  ᠲᠠᠯᠬ᠎ᠠ ᠳᠤ  ᠪᠠᠭ᠎ᠠ  ᠬᠡᠮᠵᠢᠶᠡᠨ ᠤ  ᠨᠡᠭᠦᠷᠡᠰᠦᠲᠥ᠋ᠷᠥᠭᠴᠢ ᠶᠢᠨ  ᠳᠠᠪᠬᠤᠷ  ᠢᠰᠦᠯ  ᠠᠭᠤᠯᠵᠦ  ᠪᠠᠶᠢᠬᠰᠠᠨ  ᠴᠤ᠋‌ᠦᠨᠳᠦᠰᠦᠨ ᠳᠡᠭᠡᠨ ᠪᠡᠶ᠎ᠡ ᠮᠠᠬᠠᠪᠣᠳ ᠢ ᠭᠡᠮᠲᠦᠭᠡᠬᠦ ᠥᠬᠡᠶ ᠶᠤᠮ᠃ ᠮᠠᠨᠲᠠᠤ ᠶᠢᠨ ᠬᠡᠷᠡᠴᠢᠮᠡᠯ ᠪᠣᠯ ᠴᠠᠷᠳᠠᠭᠤᠯ ᠤᠨ  ᠲᠥᠷᠥᠯ ‍ᠤᠨ‌ᠢᠳᠡᠭᠡᠨ ᠪᠤᠯᠬᠤ ᠲᠤᠯᠠ ᠲᠡᠭᠦᠨ ᠢ ᠥᠨᠳᠥᠷ ᠬᠠᠯᠠᠭᠤᠨ  ᠢᠶᠠᠷ ᠰᠢᠷᠠᠬᠰᠠᠨ ᠤ ᠲᠠᠷᠠᠭ᠎ᠠ ᠬᠠᠯᠢᠰᠦ ᠨᠢ ᠰᠢᠷᠡᠬᠳᠠᠳᠠᠭ᠂ ᠦᠭᠡᠷ᠎ᠠ ᠪᠡᠷ‌‍ᠬᠡᠯᠡᠪᠡᠯ ᠮᠠᠨᠲᠠᠤ ᠳᠣᠲᠣᠷᠠᠬᠢ ᠴᠠᠷᠳᠠᠭᠤᠯ ᠨᠢ ᠬᠤᠵᠢᠩ ᠪᠤᠯᠤᠨ ᠬᠤᠪᠢᠷᠠᠵᠦ᠂ ᠬᠤᠳᠣᠭᠤᠳᠣᠨ  ᠬᠦᠴᠢᠯ ᠢ  ᠰᠠᠭᠠᠷᠮᠠᠭᠵᠢᠭᠤᠯᠵᠤ᠂ᠬᠤᠳᠣᠭᠤᠳᠣᠨ ᠤ ᠰᠠᠯᠢᠰᠤᠲᠤ ᠪᠦᠷᠬᠦᠪᠴᠢ ᠶᠢ ᠬᠠᠮᠠᠭᠠᠯᠠᠨ᠂ ᠰᠢᠩᠭᠡᠭᠡᠯᠲᠡ ᠶᠢ ᠲᠤᠰᠠᠯᠠᠳᠠᠭ᠃              ᠠᠩᠬᠠᠷᠤᠭᠤᠰᠢᠳᠠᠢ ᠨᠢ᠄ ᠮᠠᠨᠲᠠᠤ ᠰᠢᠷᠠᠬᠤ ᠳᠠᠭᠠᠨ ᠰᠢᠲᠠᠭᠠᠵᠤ ᠪᠣᠯᠬᠤ ᠦᠭᠡᠢ᠂ ᠠᠯᠲᠠᠨ ᠰᠢᠷᠭᠠᠯ ᠥᠩᠭᠡᠲᠡᠢ ᠪᠤᠯᠳᠠᠯ᠎ᠠ‌‍ᠰᠢᠷᠠᠪᠠᠯ ᠪᠣᠯᠴᠢᠬᠠᠨ᠎ᠠ᠂ ᠢᠯᠡᠭᠦᠦ ᠢᠳᠡᠵᠦ ᠪᠣᠯᠬᠤ ᠦᠭᠡᠢ᠂ ᠤᠳᠠᠭ᠎ᠠ ᠪᠦᠷᠢ 1 ᠠᠴᠠ 2 ᠬᠡᠰᠡᠭ ᠢᠳᠡᠪᠡᠯ ᠪᠣᠯᠴᠢᠬᠠᠨ᠎ᠠ᠃              ᠬᠤᠳᠣᠭᠤᠳᠦ ᠶᠢ ᠬᠡᠮᠳᠦᠭᠡᠬᠦ ᠮᠠᠭᠤ ᠳᠠᠳᠬᠠᠯ              1. ᠥᠯᠥᠨ ᠢᠶᠠᠷ ᠹᠧᠨᠲ᠋ᠢᠶᠤᠤᠷ ᠢᠳᠡᠬᠦ᠄ ᠥᠯᠥᠨ ᠢᠶᠠᠷ ᠪᠤᠶᠤ ᠥᠯᠥᠰᠦᠭᠰᠡᠨ ᠪᠠᠶᠢᠳᠠᠯ ᠳᠣᠣᠷ᠎ᠠ ᠶᠡᠭᠡ  ᠬᠡᠮᠵᠢᠶᠡᠨ ‍ᠤ‌‍ᠹᠧᠨᠲ᠋ᠢᠶᠤᠤᠷ ᠢᠳᠡᠪᠡᠯ ᠬᠤᠳᠣᠭᠤᠳᠣᠨ ᠬᠦᠴᠢᠯ ᠤᠨ ᠰᠢᠭᠦᠷᠡᠯᠲᠡ ᠶᠢ ᠬᠡᠲᠦᠷᠡᠭᠦᠯᠵᠦ  ᠮᠡᠳᠡᠨ᠎ᠡ᠂  ᠬᠥᠩᠭᠡᠨ  ᠪᠣᠯ  ᠬᠤᠳᠣᠭᠤᠳᠣ‌‍ᠱᠠᠷᠬᠢᠷᠠᠵᠤ᠂ ᠬᠤᠳᠣᠭᠤᠳᠣ ᠴᠢᠨᠦᠷᠡᠨ ᠡᠪᠡᠳᠦᠨ᠎ᠡ᠂ ᠬᠦᠨᠳᠦ ᠪᠣᠯ ᠳᠤᠷ᠎ᠠ ᠪᠤᠯᠭᠢᠵᠤ᠂ ᠪᠥᠭᠡᠯᠵᠢᠳᠡᠭ᠃              2. ᠤᠷᠲᠤ  ᠬᠤᠭᠤᠴᠠᠭ᠎ᠠ ᠪᠠᠷ  ᠰᠢᠩᠭᠡᠨ  ᠪᠤᠳᠠᠭ᠎ᠠ  ᠢᠳᠡᠵᠦ  ︽ᠬᠤᠳᠣᠭᠤᠳᠣ   ᠪᠠᠨ  ᠰᠢᠮᠡᠵᠢᠬᠦᠯᠬᠦ︾᠄  ᠮᠠᠨ ‍ᠤ‌ᠬᠤᠳᠣᠭᠤᠳᠣ ᠵᠣᠬᠢᠬᠤ ᠬᠡᠮᠵᠢᠶᠡᠨ ᠤ ᠪᠣᠯᠪᠠᠰᠤᠷᠠᠯ ᠬᠢᠬᠦ  ᠴᠢᠬᠤᠯᠠᠲᠠᠢ  ᠶᠤᠮ᠂  ᠬᠡᠷᠪᠡ  ᠤᠷᠲᠤ  ᠬᠤᠭᠤᠴᠠᠭ᠎ᠠ ᠪᠠᠷ  ᠠᠮᠠᠷᠬᠠᠨ‌‍ᠰᠢᠩᠭᠡᠭᠡᠭᠳᠡᠬᠦ ᠰᠢᠩᠭᠡᠨ ᠪᠤᠳᠠᠭ᠎ᠠ ᠢᠳᠡᠪᠡᠯ  ᠬᠤᠳᠣᠭᠤᠳᠣ  ᠬᠦᠷᠪᠡᠯᠵᠢᠬᠦ   ᠨᠢ  ᠠᠨᠠᠢ  ᠪᠣᠯᠵᠤ᠂  ᠰᠢᠩᠭᠡᠭᠡᠯᠲᠡ ᠶᠢᠨ  ᠴᠢᠳᠠᠪᠤᠷᠢ‌ᠮᠠᠭᠤᠳᠠᠵᠦ ᠮᠡᠳᠡᠨ᠎ᠠ᠃ ᠡᠶᠢᠮᠦ ᠠᠴᠠ ᠬᠤᠳᠣᠭᠤᠳᠣ ᠭᠡᠳᠡᠰᠦᠨ ᠤ ᠠᠵᠢᠯᠯᠠᠭ᠎ᠠ   ᠨᠢ  ᠡᠷᠡᠭᠦᠯ  ᠬᠥᠮᠦᠨ  ᠲᠤᠰᠬᠠᠶᠢᠯᠠᠨ  ᠰᠢᠩᠭᠡᠨ‌‍ᠪᠤᠳᠠᠭ᠎ᠠ ᠢᠳᠡᠵᠦ ︽ᠬᠤᠳᠣᠭᠤᠳᠣ ᠪᠠᠨ ᠰᠢᠮᠡᠵᠢᠬᠦᠯᠬᠦ︾ ᠴᠢᠬᠤᠯᠠ ᠦᠭᠡᠢ᠃             3. ᠦᠷᠭᠦᠯᠵᠢ ᠱᠥᠯᠥᠨ ᠳᠤ ᠴᠢᠨᠠᠬᠰᠠᠨ ᠪᠤᠳᠠᠭ᠎ᠠ  ᠢᠳᠡᠬᠦ ᠨᠢ  ᠰᠢᠩᠭᠡᠭᠡᠯᠲᠡ ᠳᠤ  ᠠᠰᠢᠭ  ᠦᠭᠡᠢ᠄ ᠱᠥᠯᠥᠨ ᠳ᠋ᠤ᠋‌‍ᠴᠢᠨᠠᠬᠰᠠᠨ ᠪᠤᠳᠠᠭ᠎ᠠ ᠨᠢ ᠶᠡᠷᠦ ᠳᠡᠭᠡᠨ ᠵᠠᠯᠭᠢᠬᠤ ᠳᠤ ᠳᠥᠭᠦᠮ ᠪᠠᠶᠢᠳᠠᠭ᠂ ᠡᠶᠢᠮᠦ ᠠᠴᠠ ᠵᠠᠵᠢᠯᠬᠤ  ᠶᠠᠪᠤᠴᠠ  ᠳᠤᠲᠠᠭᠳᠠᠬᠤ  ᠪᠤᠶᠤ‌ᠵᠠᠵᠢᠯᠬᠤ ᠨᠢ  ᠭᠦᠢᠴᠡᠳ  ᠦᠭᠡᠢ  ᠪᠣᠯᠵᠤ᠂  ᠭᠡᠳᠡᠷᠭᠦ ᠪᠠᠨ  ᠬᠤᠳᠣᠭᠤᠳᠣ  ᠭᠡᠳᠡᠰᠦᠨ ᠤ  ᠳᠠᠷᠤᠭᠠᠰᠤ ᠶᠢ  ᠬᠦᠨᠳᠦᠷᠡᠭᠦᠯᠵᠦ᠂ ᠬᠤᠳᠣᠭᠤᠳᠣ ᠶᠢ ᠡᠪ ᠦᠭᠡᠢ ᠪᠤᠯᠭᠠᠳᠠᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号