ᠮᠠᠯ ᠤᠨ ᠡᠮ ᠭᠢᠭᠡᠳ ᠲᠠᠵᠢᠭᠡᠯ ᠪᠤᠷᠳᠤᠭᠠᠨ ᠤ ᠬᠠᠷᠰᠢᠯᠠᠯ
ᠨᠡᠶᠢᠲᠡᠯᠡᠭᠰᠡᠨ ᠴᠠᠭ᠄
2017/6/29
       ᠮᠠᠰᠢ ᠤᠯᠠᠨ ᠵᠥᠢᠯ ᠤᠨ ᠲᠠᠵᠢᠭᠡᠯ ᠪᠤᠷᠳᠤᠭ᠎ᠠ ᠵᠢᠴᠢ ᠲᠠᠵᠢᠭᠡᠯ ᠪᠤᠷᠳᠤᠭᠠᠨ ᠤ ᠨᠠᠮᠠᠯᠳᠠ ᠡᠳ᠋ ᠨᠢ ᠭᠡᠮ ᠭᠢᠵᠢᠭ   ᠢ ᠰᠠᠷᠭᠡᠶᠢᠯᠠᠬᠦ ᠡᠮ ᠲᠠᠢ ᠡᠰᠠᠷᠬᠦᠴᠠᠯᠳᠤᠬᠦ ᠥᠢᠯᠠᠳᠤᠯ ᠭᠠᠷᠴᠤ᠂ ᠡᠮ ᠤᠨ ᠥᠢᠯᠠᠳᠤᠯ ᠢ ᠲᠤᠷᠤᠭᠰᠢᠯᠠᠭᠤᠯᠳᠠᠭ᠃  ᠡᠶᠢᠮᠤ ᠠᠴᠠ ᠮᠠᠯ ᠵᠢᠬᠦᠷᠳᠠᠨ ᠳᠤ ᠡᠮ ᠭᠡᠷᠡᠭᠯᠠᠬᠦ ᠳᠡᠭᠡᠨ ᠵᠠᠷᠢᠮ ᠲᠠᠵᠢᠭᠡᠯ ᠪᠤᠷᠳᠤᠭ᠎ᠠ ᠭᠢᠭᠡᠳ ᠲᠠᠵᠢᠭᠡᠯ ᠪᠤᠷᠳᠤᠭᠠᠨ ᠤ  ᠨᠠᠮᠠᠯᠳᠠ ᠡᠳ᠋ ᠢᠶᠠᠷ ᠲᠠᠵᠢᠭᠡᠬᠦ ᠪᠠᠨ ᠵᠤᠭᠰᠤᠪᠠᠯ ᠵᠤᠭᠢᠨ᠎ᠠ᠃        ⑴ ᠰᠧ ᠬᠤᠸᠠᠨ ᠰᠤ᠋᠂ ᠲᠥ᠋ ᠮᠸᠢ ᠰᠤ᠋     ᠪᠤᠷᠴᠠᠭ ︵ᠰᠢᠷ᠎ᠠ ᠪᠤᠷᠴᠠᠭ ᠭᠢᠭᠡᠳ ᠬᠠᠷ᠎ᠠ ᠪᠤᠷᠴᠠᠭ︶ ᠲᠤ ᠺᠠᠯᠼ᠂ ᠮᠠᠭᠨᠢ ᠵᠠᠷᠭᠡ ᠡᠯᠧᠮᠧᠨ᠋ᠲ ᠨᠠᠯᠢᠶᠠᠳ  ᠠᠭᠤᠯᠵᠤ᠂ ᠡᠳᠠᠭᠡᠷ ᠡᠯᠧᠮᠧᠨ᠋ᠲ ᠨᠢ ᠰᠧ ᠬᠤᠸᠠᠨ ᠰᠤ᠋ ᠶᠢᠨ ᠲᠥᠷᠤᠯ ᠤᠨ ᠡᠮ ᠲᠠᠢ ᠤᠶᠠᠯᠳᠤᠪᠠᠯ ᠤᠰᠤᠨ ᠳᠤ  ᠠᠭᠤᠰᠬᠤ ᠥᠭᠡᠢ ᠰᠢᠩᠭᠡᠭᠡᠨ ᠠᠰᠢᠭᠯᠠᠬᠤ ᠳᠤ ᠴᠤ ᠬᠥᠴᠢᠷ ᠪᠤᠯᠵᠤ᠂ ᠡᠮ ᠤᠨ ᠥᠢᠯᠠᠳᠤᠯ ᠢ ᠲᠤᠷᠤᠭᠰᠢᠯᠠᠭᠤᠯᠳᠠᠭ᠃ ᠰᠧ ᠬᠤᠸᠠᠨ ᠰᠤ᠋᠂ ᠲᠥ᠋ ᠮᠸᠢ ᠰᠤ᠋ ᠵᠠᠷᠭᠡ ᠨᠢᠶᠠᠨ ᠲᠠᠷᠤᠭᠴᠢ ᠡᠮ ᠭᠡᠷᠡᠭᠯᠠᠬᠦ ᠥᠶᠠᠰ ᠴᠢᠯᠠᠭᠤᠨ ᠲᠠᠯᠬ᠎ᠠ᠂ ᠶᠠᠰᠤᠨ  ᠲᠠᠯᠬ᠎ᠠ᠂ ᠥᠨᠳᠠᠭᠡᠨ ᠬᠠᠯᠢᠰᠤᠨ ᠲᠠᠯᠬ᠎ᠠ᠂ ᠴᠤᠬᠤᠢ ᠶᠢᠨ ᠲᠠᠯᠬ᠎ᠠ ᠵᠠᠷᠭᠡ ᠲᠠᠵᠢᠭᠡᠯ ᠪᠤᠷᠳᠤᠭᠠᠨ ᠤ ᠨᠠᠮᠠᠯᠳᠠ ᠡᠳ᠋   ᠢᠶᠠᠷ ᠲᠠᠵᠢᠭᠡᠬᠦ ᠨᠢ ᠵᠤᠭᠢᠰ ᠥᠭᠡᠢ᠃         ⑵ ᠬᠥᠬᠦᠷ ᠬᠥᠴᠢᠯ ᠤᠨ ᠤᠰᠤᠳᠦ᠋ᠷᠥᠭᠴᠢ ᠨᠠᠲᠷᠢ  ᠰᠢᠰᠢ ᠳᠤ ᠲᠠᠨᠨᠢᠨ ᠬᠥᠴᠢᠯ ᠨᠠᠯᠢᠶᠠᠳ ᠡᠯᠪᠡᠭ ᠠᠭᠤᠯᠵᠤ᠂ ᠤᠨᠴᠠᠭᠠᠢᠢᠯᠠᠨ ᠡᠷᠯᠢᠰᠠᠵᠢᠬᠦᠯᠥᠭᠰᠠᠨ ᠰᠢᠰᠢ ᠳᠤ ᠪᠠᠷᠤᠭ  23% ᠶᠢᠨ ᠲᠠᠨᠨᠢᠨ ᠬᠥᠴᠢᠯ ᠠᠭᠤᠯᠤᠨ᠂ ᠲᠠᠮᠤᠷ ᠠᠭᠤᠯᠬᠤ ᠡᠳ᠋ ᠤᠨ ᠴᠢᠨᠠᠷ ᠢ ᠬᠤᠪᠢᠷᠠᠭᠤᠯᠳᠠᠭ᠃ ᠬᠥᠬᠦᠷ  ᠬᠥᠴᠢᠯ ᠤᠨ ᠤᠰᠤᠳᠦ᠋ᠷᠥᠭᠴᠢ ᠨᠠᠲᠷᠢ ᠪᠠᠷ ᠮᠠᠯ ᠵᠢᠬᠦᠷᠳᠠᠨ ᠤ ᠭᠡᠮ ᠢ ᠡᠮᠨᠠᠨ ᠵᠠᠰᠠᠬᠤ ᠥᠶᠠᠰ᠂ ᠰᠢᠰᠢ ᠵᠠᠷᠭᠡ  ᠲᠠᠨᠨᠢᠨ ᠬᠥᠴᠢᠯ ᠡᠯᠪᠡᠭ ᠠᠭᠤᠯᠤᠭᠰᠠᠨ ᠲᠠᠵᠢᠭᠡᠯ  ᠪᠤᠷᠳᠤᠭ᠎ᠠ ᠪᠠᠷ ᠲᠠᠵᠢᠭᠡᠬᠦ ᠥᠭᠡᠢ ᠪᠤᠯ ᠵᠤᠭᠢᠨ᠎ᠠ᠃ ᠤᠴᠢᠷ ᠨᠢ  ᠲᠠᠨᠨᠢᠨ ᠬᠥᠴᠢᠯ ᠨᠢ ᠬᠥᠬᠦᠷ ᠬᠥᠴᠢᠯ ᠤᠨ ᠤᠰᠤᠳᠦ᠋ᠷᠥᠭᠴᠢ ᠨᠠᠲᠷᠢ ᠶᠢ ᠵᠠᠳᠠᠷᠠᠭᠤᠯᠤᠭᠰᠠᠨ ᠠᠴᠠ ᠪᠤᠯᠵᠤ ᠡᠮ ᠤᠨ  ᠥᠢᠯᠠᠳᠤᠯ ᠢ ᠪᠠᠭᠤᠷᠠᠭᠤᠯᠬᠤ ᠪᠤᠶᠤ ᠥᠭᠡᠶᠢᠰᠭᠡᠳᠡᠭ᠃        ⑶ ᠢᠪᠢᠯᠭᠡᠬᠦ ᠡᠮ     ᠮᠠᠯ ᠲᠥᠯᠯᠡᠭᠰᠠᠨ ᠤ ᠲᠠᠷᠠᠭ᠎ᠠ ᠰᠦ ᠠᠨᠠᠢ ᠠᠴᠠ ᠪᠤᠯᠵᠤ ᠢᠪᠢᠯᠭᠡᠬᠦ ᠡᠮ ᠭᠡᠷᠡᠭᠯᠠᠬᠦ ᠥᠶᠠᠰ ᠪᠤᠭᠤᠳᠠᠢ ᠶᠢᠨ  ᠨᠠᠭᠢᠶ᠎ᠠ ᠪᠠᠷ ᠲᠠᠵᠢᠭᠡᠬᠦ ᠶᠢ ᠴᠠᠭᠡᠷᠯᠠᠨ᠎ᠠ᠂ ᠤᠴᠢᠷ ᠨᠢ ᠪᠤᠭᠤᠳᠠᠢ ᠶᠢᠨ ᠨᠠᠭᠢᠶ᠎ᠠ ᠰᠦ ᠲᠠᠳᠠᠭᠤᠷᠠᠭᠤᠯᠬᠤ ᠥᠢᠯᠠᠳᠤᠯ   ᠲᠠᠢ᠃ ᠱᠧᠩ ᠳ᠋ᠢ᠂ ᠱᠥ ᠳ᠋ᠢ᠂ ᠾᠧ ᠱᠸᠤ ᠡᠤ᠂ ᠪᠠᠨ ᠰᠢᠶ᠋ᠨ ᠵᠠᠷᠭᠡ ᠭᠢᠳᠠᠳ ᠡᠮ ᠭᠡᠷᠡᠭᠯᠠᠬᠦ ᠥᠶᠠᠰ ᠴᠢᠰᠤᠨ  ᠲᠠᠯᠬ᠎ᠠ ᠪᠠᠷ ᠲᠠᠵᠢᠭᠡᠬᠦ ᠶᠢ ᠴᠠᠭᠡᠷᠯᠠᠨ᠎ᠠ᠃ ᠲᠠᠷᠨ ᠨᠢ ᠡᠮ ᠤᠨ ᠢᠳᠠ ᠶᠢ ᠴᠢᠩᠭᠠᠷᠠᠭᠤᠯᠳᠠᠭ᠃        ⑷ ᠳ᠋ᠢ ᠪᠠᠢ ᠴᠥᠩ     ᠳ᠋ᠢ ᠪᠠᠢ ᠴᠥᠩ ᠢ ᠭᠡᠷᠡᠭᠯᠠᠨ ᠮᠠᠯ ᠤᠨ ᠬᠤᠷᠤᠬᠠᠢ ᠬᠥᠭᠡᠭᠡᠬᠦ ᠥᠶᠠᠰ ᠪᠠᠭ᠎ᠠ ᠰᠤᠳᠠ ᠠᠭᠤᠯᠤᠭᠰᠠᠨ ᠲᠠᠵᠢᠭᠡᠯ  ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠠᠭ᠎ᠠ ᠰᠤᠳᠠ ᠱᠥᠯᠳᠦᠯᠢᠭ ᠴᠢᠨᠠᠷ ᠢᠶᠠᠷ  ᠨᠠᠯᠢᠶᠠᠳ ᠴᠢᠩᠭ᠎ᠠ ᠪᠠᠶᠢᠵᠤ᠂ ᠳ᠋ᠢ ᠪᠠᠢ ᠴᠥᠩ ᠢ ᠨᠠᠯᠢᠶᠠᠳ ᠬᠤᠤᠷ᠎ᠠ ᠲᠠᠢ ᠳ᠋ᠢ ᠳ᠋ᠢ ᠸᠧᠢ ᠪᠤᠯᠭᠠᠨ  ᠬᠤᠪᠢᠷᠠᠭᠤᠯᠤᠭᠰᠠᠨ ᠠᠴᠠ ᠪᠤᠯᠵᠤ᠂ ᠬᠤᠤᠷᠳᠠᠯ ᠡᠬᠦᠰᠭᠡᠬᠦ ᠪᠤᠯᠤᠨ᠎ᠠ᠃        ⑸ ᠸᠢᠲ᠋ᠠᠮᠢᠨ A    ᠬᠥᠪᠤᠩ ᠤᠨ ᠥᠷ᠎ᠠ ᠶᠢᠨ ᠪᠢᠩ ᠨᠢ ᠸᠢᠲ᠋ᠠᠮᠢᠨ A ᠶᠢᠨ ᠰᠢᠩᠭᠡᠭᠡᠨ ᠠᠰᠢᠭᠯᠠᠬᠤ  ᠶᠢ ᠨᠥᠯᠤᠭᠡᠯᠠᠳᠡᠭ᠃  ᠸᠢᠲ᠋ᠠᠮᠢᠨ A ᠲᠤᠳᠠᠭᠳᠠᠭᠰᠠᠨ ᠢ ᠰᠠᠷᠭᠡᠶᠢᠯᠠᠨ ᠵᠠᠰᠠᠬᠤ ᠥᠶᠠᠰ ᠬᠥᠪᠤᠩ ᠤᠨ ᠥᠷ᠎ᠠ ᠶᠢᠨ ᠪᠢᠩ ᠢᠶᠠᠷ ᠲᠠᠵᠢᠭᠡᠬᠦ ᠪᠠᠨ  ᠵᠤᠭᠰᠤᠪᠠᠯ ᠵᠤᠭᠢᠨ᠎ᠠ᠃        ⑹ ᠺᠠᠯᠼ     ᠪᠥᠸᠧᠼᠠᠢ ᠨᠤᠭᠤᠭ᠎ᠠ ᠳᠤ ᠡᠪᠠᠰᠤᠨ ᠬᠥᠴᠢᠯ ᠡᠯᠪᠡᠭ ᠠᠭᠤᠯᠵᠤ᠂ ᠰᠢᠩᠭᠡᠭᠡᠯᠳᠠ ᠶᠢᠨ ᠵᠠᠮ ᠳᠤ ᠺᠠᠯᠼ ᠲᠠᠢ  ᠨᠠᠶᠢᠯᠠᠭᠡᠳ ᠠᠭᠤᠰᠬᠤ ᠴᠢᠨᠠᠷ ᠥᠭᠡᠢ ᠡᠪᠠᠰᠤᠨ ᠬᠥᠴᠢᠯ ᠤᠨ ᠺᠠᠯᠼ ᠪᠤᠯᠵᠤ ᠺᠠᠯᠼ ᠰᠢᠩᠭᠡᠭᠡᠬᠦ ᠶᠢ ᠬᠠᠷᠰᠢᠯᠠᠳᠠᠭ᠃        ⑺ ᠲᠠᠮᠤᠷ     ᠬᠥᠬᠦᠷ ᠬᠥᠴᠢᠯ ᠤᠨ ᠲᠤᠳᠠᠭᠤ ᠲᠠᠮᠤᠷ ᠵᠠᠷᠭᠡ ᠲᠠᠮᠤᠷ ᠠᠭᠤᠯᠬᠤ ᠡᠮ ᠭᠡᠷᠡᠭᠯᠠᠬᠦ ᠥᠶᠠᠰ ᠪᠤᠭᠤᠳᠠᠢ ᠶᠢᠨ ᠠᠭᠠᠭ   ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠤᠭᠤᠳᠠᠢ ᠶᠢᠨ ᠠᠭᠠᠭ ᠲᠤ ᠹᠤᠰᠹᠤᠷ ᠡᠯᠪᠡᠭ ᠠᠭᠤᠯᠵᠤ᠂ ᠡᠮ ᠤᠨ  ᠰᠢᠩᠭᠡᠭᠡᠯᠳᠠ ᠶᠢ ᠰᠠᠭᠠᠳᠠᠭᠤᠯᠳᠠᠭ᠃ ᠡᠬᠦᠨ ᠤ ᠬᠠᠮᠳᠤ ᠶᠠᠰᠤ ᠵᠥᠭᠡᠯᠠᠷᠠᠬᠦ ᠭᠡᠮ ᠢ ᠡᠮ  ᠢᠶᠠᠷ ᠵᠠᠰᠠᠬᠤ ᠥᠶᠠᠰ  ᠪᠤᠭᠤᠳᠠᠢ ᠶᠢᠨ ᠠᠭᠠᠭ ᠢᠶᠠᠷ ᠲᠠᠵᠢᠭᠡᠬᠦ ᠶᠢ ᠴᠠᠭᠡᠷᠯᠠᠨ᠎ᠠ᠃         ⑻ ᠴᠢᠩ ᠮᠸᠢ ᠰᠤ᠋  ᠂ ᠯᠢᠶᠠᠨ ᠮᠸᠢ ᠰᠤ᠋     ᠴᠢᠩ ᠮᠸᠢ ᠰᠤ᠋᠂ ᠯᠢᠶᠠᠨ ᠮᠸᠢ ᠰᠤ᠋ ᠶᠢ ᠭᠡᠷᠡᠭᠯᠠᠬᠦ ᠥᠶᠠᠰ ᠲᠠᠷᠤᠰᠢᠭᠤᠯᠤᠭᠰᠠᠨ ᠲᠠᠵᠢᠭᠡᠯ ᠪᠤᠷᠳᠤᠭ᠎ᠠ ᠭᠢᠭᠡᠳ  ᠪᠠᠵᠠᠮᠠᠭ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠡᠳᠠᠭᠡᠷ ᠲᠠᠵᠢᠭᠡᠯ ᠪᠤᠷᠳᠤᠭ᠎ᠠ‌ᠨᠢ ᠱᠥᠯᠳᠦᠯᠢᠭ ᠴᠢᠨᠠᠷ ᠢᠶᠠᠷ  ᠴᠢᠩᠭ᠎ᠠ ᠮᠥᠷᠳᠠᠭᠡᠨ ᠴᠢᠩ ᠮᠸᠢ ᠰᠤ᠋᠂ ᠯᠢᠶᠠᠨ ᠮᠸᠢ ᠰᠤ᠋ ᠨᠢ ᠱᠥᠯᠳᠦᠯᠢᠭ ᠴᠢᠨᠠᠷ ᠢᠶᠠᠷ ᠴᠢᠩᠭ᠎ᠠ ᠤᠷᠴᠢᠨ ᠤ  ᠨᠥᠬᠦᠴᠠᠯ ᠲᠤᠤᠷ᠎ᠠ ᠡᠮ ᠤᠨ ᠥᠢᠯᠠᠳᠤᠯ ᠨᠢ ᠠᠮᠠᠷᠬᠠᠨ ᠡᠪᠳᠡᠭᠳᠡᠳᠡᠭ᠃ ᠢᠷᠡᠯᠲᠡ᠄ ︽ᠰᠢᠨ᠎ᠠ ᠮᠠᠯᠴᠢᠳ ᠤᠨ ᠰᠤᠨᠢᠨ︾ ᠠᠴᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号