1. ᠰᠢᠨ᠎ᠡ ᠲᠢᠲᠢᠮᠯᠢᠭ ᠸᠢᠷᠦ᠋ᠰ ᠬᠡᠦᠬᠡᠳ ᠲᠤ ᠬᠠᠯᠳᠠᠪᠤᠷᠢᠯᠠᠪᠠᠯ ᠣᠯᠠᠩᠬᠢ ᠪᠠᠶᠢᠳᠠᠯ ᠳᠤ ᠡᠪᠡᠳᠴᠢᠨ ᠤ ᠢᠯᠡᠷᠡᠯ | ᠮᠡᠳᠡᠭᠳᠡᠬᠦ ᠦᠭᠡᠢ ᠪᠣᠯᠬᠤᠷ ᠡᠮ ᠳᠠᠩ ᠤᠤᠭᠤᠯᠭᠠᠬᠤ ᠬᠡᠷᠡᠭ ᠦᠭᠡᠢ᠃ | 2. ᠭᠡᠷ ᠵᠠᠭᠤᠷ᠎ᠠ ᠶᠢᠨ ᠠᠷᠢᠭᠤᠳᠬᠠᠯ ᠢ ᠰᠠᠶᠢᠲᠤᠷ ᠬᠢᠵᠦ᠂ ᠲᠤᠰᠠᠭᠠᠷᠯᠠᠬᠤ ᠪᠠ ᠬᠤᠪᠢ ᠬᠥᠮᠥᠨ ᠤ | ᠬᠠᠮᠠᠭᠠᠯᠠᠯᠲᠠ ᠪᠠᠨ ᠰᠠᠶᠢᠨ ᠬᠢᠬᠦ ᠬᠡᠷᠡᠭᠳᠡᠢ︔ | 3. ᠨᠢᠯᠬ᠎ᠠ ᠬᠡᠦᠬᠡᠳ ᠤᠨ ᠪᠡᠶ᠎ᠡ ᠶᠢᠨ ᠪᠠᠶᠢᠳᠠᠯ ᠢ ᠴᠠᠭ ᠢᠮᠠᠬᠳᠠ ᠠᠵᠢᠭᠯᠠᠵᠤ᠂ ᠬᠡᠷᠪᠡ ᠴᠤᠭ ᠰᠦᠯᠳᠡ ᠦᠭᠡᠢ | ᠪᠣᠯᠬᠤ᠂ ᠠᠮᠢᠰᠬᠤᠯ ᠳᠠᠪᠬᠤᠴᠠᠬᠤ ᠪᠠᠶᠢᠳᠠᠯ ᠢᠯᠡᠷᠡᠪᠡᠯ ᠡᠮᠴᠢ ᠳᠤ ᠦᠵᠡᠭᠦᠯᠬᠦ ᠬᠡᠷᠡᠭᠳᠡᠢ︔ | 4. ᠭᠡᠷ ᠲᠡᠭᠡᠨ ᠡᠮ ᠳᠠᠩ ᠪᠡᠯᠡᠳᠬᠡᠵᠦ ᠲᠠᠯᠪᠢᠬᠤ ᠭᠡᠷᠡᠭᠳᠡᠢ᠂ ᠢᠯᠠᠩᠭᠤᠶ᠎ᠠ ᠬᠠᠯᠠᠭᠤᠷᠠᠬᠤ ᠶᠢ ᠪᠠᠭᠤᠷᠠᠭᠤᠯᠬᠤ | ᠡᠮ ᠲᠣᠳᠠᠬᠳᠠᠵᠦ ᠪᠤᠯᠬᠤ ᠦᠭᠡᠢ᠃ | ᠨᠥᠬᠦᠴᠡᠯ ᠲᠠᠢ ᠪᠣᠯ ᠴᠢᠳᠠᠬᠤ ᠶᠢᠨ ᠳᠣᠳᠣᠷ᠎ᠠ ᠬᠡᠦᠬᠡᠳ ᠲᠡᠭᠡᠨ ᠲᠤᠰᠠᠭᠠᠷ ᠣᠨᠳᠠᠯᠭ᠎ᠠ ᠶᠢᠨ ᠥᠷᠥᠭᠡ ᠪᠤᠶᠤ | ᠠᠷᠢᠭᠤᠨ ᠴᠡᠪᠡᠷ ᠤᠨ ᠲᠠᠰᠤᠯᠭ᠎ᠠ ᠲᠠᠢ ᠪᠠᠶᠢᠯᠭᠠᠨ᠎ᠠ᠃ ᠬᠡᠷᠪᠡ ᠪᠤᠯᠤᠮᠵᠢ ᠲᠠᠢ ᠪᠣᠯ᠂ ᠨᠠᠭᠠᠳᠴᠦ ᠳᠣᠬᠯᠠᠬᠤ ᠭᠠᠵᠠᠷ | ᠭᠠᠷᠭᠠᠵᠦ ᠦᠭᠴᠦ ᠪᠤᠯᠤᠨ᠎ᠠ᠃ | ᠬᠠᠯᠠᠭᠤᠷᠠᠬᠤ ᠪᠠ ᠦᠷᠪᠢᠰᠦᠯ ᠢ ᠳᠠᠷᠤᠬᠤ ᠡᠮ ᠳᠤ ᠪᠷᠦᠹᠧᠨ ᠢ ᠵᠠᠷᠣᠬᠤ ᠶᠢ ᠰᠠᠨᠠᠯ ᠪᠤᠯᠭᠠᠵᠦ ᠪᠠᠶᠢᠨ᠎ᠠ᠂ | ᠪᠷᠦᠹᠧᠨ ᠦᠷᠪᠢᠰᠦᠯ ᠢ ᠳᠠᠷᠤᠬᠤ ᠦᠢᠯᠡᠳᠦᠯ ᠲᠠᠢ᠃ ᠡᠩ ᠤᠨ ᠪᠠᠶᠢᠳᠠᠯ ᠳᠤ 6 ᠰᠠᠷ᠎ᠠ ᠬᠦᠷᠦᠬᠡ ᠦᠬᠡᠢ ᠨᠢᠯᠬ᠎ᠠ ᠳᠤ | ᠪᠷᠤᠹᠧᠨ ᠢ ᠵᠠᠷᠣᠬᠤ ᠦᠬᠡᠢ ᠪᠠᠶᠢᠪᠠᠯ ᠰᠠᠶᠢᠨ᠃ ᠪᠥᠭᠡᠷᠡᠨ ᠤ ᠬᠤᠣᠷᠳᠠᠯᠭ᠎ᠠ ᠠᠪᠴᠢᠷᠠᠵᠦ ᠮᠡᠳᠡᠨ᠎ᠡ᠃ | ᠬᠡᠷᠪᠡ ᠬᠠᠯᠳᠠᠪᠤᠷᠢ ᠠᠪᠤᠬᠰᠠᠨ ᠪᠠᠶᠢᠪᠠᠯ ᠦᠷᠭᠦᠯᠵᠢ ᠬᠠᠨᠢᠶᠠᠯᠭᠠᠳᠠᠭ᠂ ᠡᠨᠡ ᠦᠶ᠎ᠡ ᠳᠤ ᠠᠶᠤᠵᠦ ᠰᠠᠨᠳᠣᠷᠬᠤ | ᠬᠡᠷᠡᠭ ᠦᠬᠡᠢ᠃ ᠡᠮᠴᠢᠯᠡᠭᠡᠨ ᠳᠡᠭᠡᠷ᠎ᠡ ᠡᠶᠢᠮᠦᠷᠬᠦᠦ ᠬᠠᠨᠢᠶᠠᠳᠤ ᠶᠢ ᠰᠢᠢᠳᠪᠦᠷᠢᠯᠡᠬᠦ ᠠᠷᠭ᠎ᠠ ᠮᠠᠶ᠋ᠢᠭ ᠨᠢ ᠡᠩ ᠤᠨ | ᠬᠢᠮᠤᠷᠠᠭ᠎ᠠ ᠲᠠᠭᠰᠢᠭᠤᠷ ᠢ ᠠᠷᠭᠠᠴᠠᠬᠤ ᠲᠠᠢ ᠦᠨᠳᠦᠰᠦᠨ ᠳᠡᠭᠡᠨ ᠠᠳᠠᠯᠢ ᠪᠠᠶᠢᠳᠠᠭ᠃ | ︵1︶ 6 ᠨᠠᠰᠦ ᠬᠦᠷᠦᠭᠰᠡᠨ ᠬᠡᠦᠬᠡᠳ ᠲᠤ ᠰᠢᠬᠢᠷ ᠰᠢᠮᠡᠭᠦᠯᠵᠦ ᠪᠣᠯᠣᠨ᠎ᠠ᠂ ᠨᠢᠯᠬ᠎ᠠ ᠬᠡᠦᠬᠡᠳ ᠲᠤ | ᠬᠡᠷᠡᠭᠯᠡᠬᠦ ᠶᠢ ᠰᠠᠨᠠᠭᠠᠴᠢᠯᠠᠬᠤ ᠦᠭᠡᠢ᠂ ᠤᠴᠢᠷ ᠨᠢ ᠠᠮᠢᠰᠬᠤᠯ ᠪᠦᠭᠯᠡᠷᠡᠵᠦ ᠮᠡᠳᠡᠨ᠎ᠡ᠃ | ︵2︶ ᠪᠠᠯ ᠬᠡᠷᠡᠭᠯᠡᠵᠦ ᠪᠣᠯᠣᠨ᠎ᠠ᠂ ᠣᠢ ᠬᠦᠷᠦᠬᠡᠳᠦᠢ ᠬᠡᠦᠬᠡᠳ ᠲᠤ ᠬᠡᠷᠡᠭᠯᠡᠵᠦ ᠪᠣᠯᠬᠤ ᠦᠭᠡᠢ᠂ ᠤᠴᠢᠷ ᠨᠢ | ᠬᠤᠣᠷ ᠲᠠᠢ ᠪᠠᠺᠲ᠋ᠧᠷᠢ ᠪᠠᠶᠢᠵᠤ ᠮᠡᠳᠡᠨ᠎ᠡ᠃ ᠬᠡᠷᠪᠡ ᠵᠥᠭᠡᠢ ᠶᠢᠨ ᠪᠠᠯ ᠪᠠᠶᠢᠬᠤ ᠦᠭᠡᠢ ᠪᠣᠯ ᠪᠠᠭ᠎ᠠ ᠰᠠᠭ᠎ᠠ ᠵᠠᠶᠢᠷᠮᠠᠭ | ᠢᠳᠡᠪᠡᠯ ᠪᠠᠰᠠ ᠨᠠᠮᠳᠠᠭᠠᠵᠦ ᠪᠤᠯᠳᠠᠭ᠃ | ︵3︶ ᠤᠰᠤ ᠢᠯᠡᠬᠦᠦ ᠣᠣᠭᠤᠯᠭᠠᠵᠦ ᠪᠠᠶᠢᠬᠤ ᠬᠡᠷᠡᠭᠳᠡᠢ᠃ | ᠬᠡᠷᠪᠡ ᠬᠡᠦᠬᠡᠳ ᠤᠳ ᠠᠮᠢᠰᠬᠤᠭ᠎ᠠ ᠴᠢᠬᠤᠯᠳᠠᠬᠤ᠂ ᠴᠡᠭᠡᠵᠢ ᠪᠢᠳᠡᠬᠦᠷᠡᠬᠦ ᠪᠤᠶᠤ ᠴᠡᠭᠡᠵᠢ ᠡᠪᠡᠳᠬᠦ︔ ᠣᠬᠠᠭ᠎ᠠ | ᠠᠯᠳᠠᠬᠤ᠂ ᠨᠦᠢᠷ ᠮᠠᠭᠤ ᠪᠤᠶᠤ ᠠᠮᠠᠷᠬᠠᠨ ᠰᠡᠷᠡᠬᠦ ᠦᠭᠡᠢ᠂ ᠠᠷᠠᠰᠤ ᠨᠢ ᠴᠠᠶᠢᠵᠤ᠂ ᠤᠷᠤᠭᠤᠯ ᠨᠢ ᠬᠦᠬᠡᠷᠡᠵᠦ | ᠪᠠᠶᠢᠪᠠᠯ ᠡᠮᠴᠢ ᠳᠤ ᠦᠵᠡᠬᠦᠯᠬᠦ ᠬᠡᠷᠡᠭᠳᠡᠢ᠃ |