ᠰᠦᠯᠵᠢᠶᠡᠨ ᠰᠢᠭᠦᠮᠵᠢ᠄ ᠣᠷᠤᠭ ᠰᠠᠯᠬᠤ ᠦᠶ᠎ᠠ ᠶᠢᠨ ᠲᠠᠶᠢᠪᠤᠭᠤᠷᠠᠯ ᠤᠨ ᠬᠤᠭᠤᠴᠠᠭ᠎ᠠ ᠨᠢ ᠣᠷᠤᠭ ᠰᠠᠯᠬᠤ ᠶᠢ ᠦᠨᠡᠬᠡᠷ ᠨᠠᠩ ᠬᠦᠴᠢᠷᠲᠡᠢ ᠪᠤᠯᠭᠠᠨ᠎ᠠ ᠤᠤ︖
ᠨᠡᠶᠢᠲᠡᠯᠡᠭᠰᠡᠨ ᠴᠠᠭ᠄
2020/12/20
       ︽ᠲᠠᠶᠢᠪᠤᠭᠤ ᠪᠠᠶᠢᠭᠠᠷᠠᠢ︾᠂ ᠢᠷᠡᠭᠦ ᠵᠢᠯ ᠤᠨ 1 ᠰᠠᠷ᠎ᠠ ᠶᠢᠨ 1 ᠤ ᠡᠳᠦᠷ ᠠᠴᠠ ᠡᠬᠢᠯᠡᠨ ᠣᠷᠤᠭ
ᠰᠠᠯᠬᠤ ᠳᠤ ᠡᠶᠢᠮᠦᠨᠢᠭᠡ ᠠᠯᠬᠤᠮ ᠢᠯᠡᠭᠦᠦ ᠪᠤᠯᠤᠨ᠎ᠠ︕ ᠠᠷᠠᠳ ᠤᠨ ᠶᠠᠪᠤᠳᠠᠯ ᠤᠨ ᠶᠠᠮᠤᠨ  ᠣᠶᠢᠷ᠎ᠠ ᠳᠤ  
ᠣᠷᠤᠭ ᠤᠨ  ᠪᠦᠷᠢᠳᠭᠡᠭᠦᠯᠦᠯᠲᠡ ᠶᠢᠨᠵᠢᠷᠤᠮ ᠳᠤ ᠲᠣᠬᠢᠷᠠᠭᠤᠯᠤᠯᠲᠠ ᠬᠢᠵᠦ᠂ ᠣᠷᠤᠭ ᠰᠠᠯᠬᠤ ᠵᠢᠷᠤᠮ ᠳᠤ ︽
ᠲᠠᠶᠢᠪᠤᠭᠤᠷᠠᠯ ᠤᠨ ᠬᠤᠭᠤᠴᠠᠭ᠎ᠠ︾ ᠶᠢ ᠨᠡᠮᠡᠵᠦ᠂ ᠨᠡᠶᠢᠭᠡᠮᠨᠡᠶᠢᠲᠡ ᠶᠢᠨ ᠬᠢᠨ ᠤ ᠠᠩᠬᠠᠷᠤᠯ ᠢ ᠶᠡᠬᠡᠳᠡ ᠲᠠᠲᠠᠪᠠ᠃
ᠲᠠᠶᠢᠪᠤᠭᠤᠷᠠᠯ ᠤᠨ ᠬᠤᠭᠤᠴᠠᠭ᠎ᠠ ᠪᠣᠯ ︽ᠤᠷᠤᠭ ᠤᠨ  ᠬᠠᠮᠠᠭᠠᠯᠠᠭᠴᠢ︾ᠭᠡᠵᠦ ᠵᠠᠷᠢᠮ ᠬᠥᠮᠦᠨ ᠦᠵᠡᠵᠦ
ᠪᠠᠶᠢᠬᠤ ᠳᠤ ᠵᠠᠷᠢᠮ ᠬᠥᠮᠦᠨ ᠪᠠᠰᠠ ︽ᠡᠷᠬᠡ  ᠴᠢᠯᠥᠭᠡᠨ ᠤ  ᠬᠦᠯᠢᠶᠠᠰᠦ︾  ᠭᠡᠮᠡᠨ  ᠦᠵᠡᠵᠦ᠂ᠡᠨᠡ ᠨᠢ  ︽ᠠᠶᠤᠯ
 ᠲᠦᠭᠰᠢᠭᠦᠷᠢ ᠶᠢᠨ ᠴᠤᠩᠬᠤᠪᠴᠢ  ᠬᠤᠭᠤᠴᠠᠭ᠎ᠠ︾  ᠪᠣᠯᠵᠤ᠂  ᠴᠢᠨᠠᠭᠰᠢᠯᠠᠭᠠᠳ   ᠭᠡᠷ  
ᠪᠦᠯᠢ ᠶᠢᠨᠬᠦᠴᠦᠷᠬᠡᠭᠯᠡᠯ ᠤᠨ ᠬᠠᠮᠠᠭᠠᠯᠠᠬᠴᠢ ᠪᠣᠯᠵᠤ ᠮᠡᠳᠡᠨ᠎ᠡ ᠬᠡᠮᠡᠨ ᠵᠤᠪᠠᠵᠤ ᠪᠤᠢ᠃        ᠣᠷᠤᠭ ᠰᠠᠯᠬᠤ ᠦᠶ᠎ᠠ ᠶᠢᠨ ᠲᠠᠶᠢᠪᠤᠭᠤᠷᠠᠯ ᠤᠨ ᠬᠤᠭᠤᠴᠠᠭ᠎ᠠ ᠨᠢ ᠣᠷᠤᠭ ᠰᠠᠯᠬᠤ ᠶᠢ  ᠦᠨᠡᠬᠡᠷ  ᠨᠠᠩ  ᠬᠦᠴᠢᠷᠲᠠᠢᠪᠤᠯᠭᠠᠨ᠎ᠠ ᠭᠡᠵᠢ ᠤᠤ ᠬᠡᠪᠡᠯ᠂ ᠦᠨᠡᠨ ᠳᠡᠭᠡᠨ  ᠲᠡᠶᠢᠮᠦ  ᠪᠢᠰᠢ  ᠶᠤᠮ᠃  ᠨᠢᠭᠡ ᠲᠠᠯ᠎ᠠ ᠪᠠᠷ᠂ ᠤᠷᠤᠭ ᠰᠠᠯᠬᠤ ᠦᠶ᠎ᠠ ᠶᠢᠨᠲᠠᠶᠢᠪᠤᠭᠤᠷᠠᠯ ᠤᠨ ᠬᠤᠭᠤᠴᠠᠭ᠎ᠠ ᠶᠢ ᠵᠥᠪᠬᠡᠨ ᠠᠷᠠᠳ ᠤᠨ
ᠶᠠᠪᠤᠳᠠᠯ ᠤᠨ  ᠰᠠᠯᠠᠭ᠎ᠠ  ᠮᠥᠴᠢᠷ ᠲᠤ  ᠭᠤᠶᠤᠴᠢᠯᠠᠯ  ᠭᠠᠷᠭᠠᠬᠰᠠᠨᠵᠦᠪᠳᠡᠯᠴᠡᠨ  ᠤᠷᠤᠭ  ᠰᠠᠯᠬᠤ ᠳᠤ  ᠬᠡᠷᠡᠭᠯᠡᠨ᠎ᠡ᠂  ᠬᠠᠷᠢᠨ  ᠵᠠᠭᠠᠯᠳᠤᠯᠭ᠎ᠠ ᠪᠠᠷ  ᠤᠷᠤᠭ  ᠰᠠᠯᠬᠤ ᠳᠤ  ᠬᠡᠷᠡᠭᠯᠡᠬᠦ  ᠦᠭᠡᠢ᠃ᠥᠭᠡᠷ᠎ᠡ ᠪᠠᠷ ᠬᠡᠯᠡᠪᠡᠯ᠂ ᠠᠯᠢᠪᠠ ᠤᠷᠤᠭ ᠰᠠᠯᠬᠤ ᠶᠠᠪᠤᠳᠠᠯ ᠨᠢ ᠪᠦᠷ 30  ᠡᠳᠦᠷ ᠤᠨ ᠲᠠᠶᠢᠪᠤᠭᠤᠷᠠᠯ   ᠤᠨ  ᠬᠤᠭᠤᠴᠠᠭ᠎ᠠ ᠶᠢᠥᠩᠭᠡᠷᠡᠭᠡᠬᠦ ᠪᠢᠰᠢ᠃ ᠬᠡᠷᠪᠡ ᠵᠠᠷᠭᠤ ᠪᠠᠷ ᠤᠷᠤᠭ ᠰᠠᠯᠬᠤ ᠳᠤ᠂ ᠪᠤᠰᠤᠳ ᠲᠠᠢ ᠨᠢᠭᠤᠴᠠ ᠪᠠᠷ ᠢᠨᠠᠬᠯᠠᠬᠰᠠᠨ᠂ ᠭᠡᠷ  ᠪᠦᠯᠢ ᠶᠢᠨᠬᠦᠴᠦᠷᠬᠡᠭᠯᠡᠯ ᠶᠠᠪᠤᠭᠤᠯᠤᠭᠰᠠᠨ᠂ ᠵᠣᠭᠤᠰ ᠨᠠᠭᠠᠳᠤᠭᠰᠠᠨ᠂ ᠬᠤᠣᠷᠲᠤ ᠡᠳ᠋ ᠡᠳ᠋ᠯᠡᠭᠰᠡᠨ ᠵᠡᠷᠭᠡ ᠬᠠᠤᠯᠢ ᠶᠢ ᠵᠥᠷᠢᠴᠡᠭᠰᠡᠨ  ᠦᠢᠯᠡᠠᠵᠢᠯᠯᠠᠭ᠎ᠠ ᠠᠴᠠ ᠪᠤᠯᠵᠤ ᠤᠷᠤᠭ ᠡᠪᠳᠡᠷᠡᠨ᠂ ᠰᠢᠭᠦᠬᠦ ᠬᠤᠷᠢᠶᠠᠨ ᠤ ᠡᠶᠡᠳᠡᠭᠦᠯᠭᠡ ᠨᠢ ᠬᠦᠴᠦᠨ ᠦᠭᠡᠢ  ᠪᠤᠯᠤᠬᠰᠠᠨ  ᠪᠠᠶᠢᠪᠠᠯ᠂ᠤᠷᠤᠭ ᠰᠠᠯᠬᠤ ᠶᠢ ᠨᠢ ᠵᠥᠪᠰᠢᠶᠡᠷᠡᠬᠦ ᠬᠡᠷᠡᠭᠲᠡᠢ᠃        ᠨᠦᠬᠦᠭᠡ ᠲᠠᠯ᠎ᠠ ᠪᠠᠷ᠂ ᠤᠷᠤᠭ ᠰᠠᠯᠬᠤ ᠦᠶ᠎ᠠ ᠶᠢᠨ ᠲᠠᠶᠢᠪᠤᠭᠤᠷᠠᠯ ᠤᠨ ᠬᠤᠭᠤᠴᠠᠭ᠎ᠠ ᠶᠢ ᠲᠤᠬᠢᠷᠠᠭᠤᠯᠤᠬᠰᠠᠨ  ᠬᠠᠤᠯᠢᠲᠣᠭᠲᠠᠭᠠᠯᠳᠠ ᠶᠢᠨ  ᠵᠣᠷᠢᠯᠭ᠎ᠠ ᠶᠢᠨ  ᠲᠤᠬᠠᠢ  ᠪᠦᠬᠦ  
ᠤᠯᠤᠰ ᠤᠨ  ᠠᠷᠠᠳ ᠤᠨ  ᠲᠥᠯᠥᠭᠡᠯᠡᠭᠴᠢᠳ ᠤᠨ  ᠶᠡᠭᠡ  ᠬᠤᠷᠠᠯ ᠤᠨᠪᠠᠶᠢᠩᠭᠤ ᠶᠢᠨ ᠬᠤᠷᠢᠶ᠎ᠠ ᠠᠴᠠ ᠠᠯᠢ ᠡᠷᠲᠡ ᠲᠣᠳᠣᠷᠬᠠᠶᠢᠯᠠᠯᠲᠠ ᠬᠢᠭᠰᠡᠨ ᠶᠤᠮ᠂ ᠤᠷᠤᠭ ᠰᠠᠯᠬᠤ ᠦᠶ᠎ᠠ ᠶᠢᠨ ᠲᠠᠶᠢᠪᠤᠭᠤᠷᠠᠯ ᠤᠨᠬᠤᠭᠤᠴᠠᠭ᠎ᠠ ᠶᠢᠨ  ᠳᠦᠷᠢᠮ ᠢ  ᠨᠡᠮᠡᠭᠰᠡᠨ ᠨᠢ  ᠭᠤᠣᠯᠳᠠᠭᠤ  ᠬᠦᠩᠭᠡᠨ  ᠬᠠᠭᠤᠮᠠᠭᠠᠢ ᠪᠠᠷ  ᠤᠷᠤᠭ  ᠰᠠᠯᠬᠤ   ᠦᠵᠡᠭᠳᠡᠯ ᠤᠨᠨᠡᠮᠡᠭᠳᠡᠬᠦ ᠳᠤ ᠴᠢᠭᠯᠡᠭᠦᠯᠦᠭᠰᠡᠨ ᠶᠤᠮ᠃ ᠬᠡᠳᠦ᠋ᠢᠪᠡᠷ ᠤᠷᠤᠭ ᠰᠠᠯᠬᠤ  ᠡᠷᠬᠡ  ᠴᠢᠯᠥᠭᠡ ᠶᠢ  ᠬᠠᠤᠯᠢ  ᠴᠠᠭᠠᠵᠠ ᠪᠠᠷ  ᠪᠠᠲᠤᠯᠠᠵᠤᠪᠠᠶᠢᠭ᠎ᠠ ᠪᠣᠯᠪᠠᠴᠤ᠂ ᠤᠷᠤᠭ ᠤᠨ ᠬᠠᠷᠢᠴᠠᠭ᠎ᠠ ᠪᠠᠨ ᠬᠦᠴᠦᠨ ᠦᠭᠡᠢ ᠪᠤᠯᠭᠠᠬᠤ ᠨᠢ ᠰᠠᠨᠠᠭ᠎ᠠ ᠲᠠᠭᠠᠷᠠᠬᠤ ᠦᠭᠡᠢ ᠪᠤᠯᠤᠬᠰᠠᠭᠠᠷ ᠯᠠᠦᠢᠯᠡᠳᠭᠦ ᠶᠠᠪᠤᠳᠠᠯ ᠤᠭᠲᠤ ᠪᠢᠰᠢ  ᠶᠤᠮ᠂  ᠲᠡᠷᠡ ᠨᠢ  ᠤᠷᠤᠭᠯᠠᠭᠰᠠᠨ ᠤ  ᠳᠠᠷᠠᠭᠠᠬᠢ  ᠭᠡᠷ  ᠪᠦᠯᠢ ᠶᠢᠨ  ᠡᠯ᠎ᠡ  ᠲᠠᠯ᠎ᠠ ᠳᠤᠬᠤᠯᠪᠣᠭᠳᠠᠵᠤ ᠪᠠᠶᠢᠳᠠᠬ ᠪᠤᠯᠬᠤᠷ ᠲᠠᠶᠢᠪᠤᠭᠤᠷᠠᠯ ᠤᠨ ᠬᠤᠭᠤᠴᠠᠭ᠎ᠠ ᠶᠢ ᠨᠡᠮᠡᠭᠦ ᠨᠢ ᠬᠥᠩᠭᠡᠨ  ᠬᠠᠭᠤᠳᠠᠮ ᠢᠶᠠᠷ  ᠤᠷᠤᠭ  ᠰᠠᠯᠬᠤᠨᠦᠭᠦᠷ ᠬᠡᠷᠭᠡᠢ ᠳᠤ ᠤᠷᠤᠭ ᠢᠶᠠᠨ ᠡᠭᠡᠭᠦᠯᠦᠨ ᠠᠪᠬᠤ ᠪᠤᠶᠤ ᠬᠡᠮᠰᠢᠵᠦ ᠡᠷᠬᠢᠭᠦ ᠲᠣᠬᠢᠶᠠᠯ
ᠣᠯᠭᠤᠵᠤ ᠴᠢᠳᠠᠨ᠎ᠠ᠃        ᠪᠠᠭᠴᠠᠯᠠᠭᠠᠳ ᠬᠡᠯᠡᠪᠡᠯ᠂ ᠤᠷᠤᠭ ᠰᠠᠯᠬᠤ ᠦᠶ᠎ᠠ ᠶᠢᠨ ᠲᠠᠶᠢᠪᠤᠭᠤᠷᠠᠯ ᠤᠨ  ᠬᠤᠭᠤᠴᠠᠭ᠎ᠠ ᠶᠢ  ᠲᠤᠬᠢᠷᠠᠭᠤᠯᠤᠬᠰᠠᠨ ᠨᠢᠬᠦᠩᠭᠡᠨ ᠬᠠᠭᠤᠮᠠᠭᠠᠢ ᠪᠠᠷ ᠤᠷᠤᠭ ᠰᠠᠯᠬᠤ ᠶᠢ ᠬᠠᠤᠯᠢ ᠴᠠᠭᠠᠵᠠ ᠶᠢᠨ ᠠᠷᠭ᠎ᠠ ᠪᠠᠷᠢᠯ ᠢᠶᠠᠷ ᠡᠰᠡᠷᠭᠦᠴᠡᠬᠦ ᠪᠥᠭᠡᠳ ᠤᠷᠤᠭ ᠰᠠᠯᠬᠤᠡᠷᠬᠡ ᠴᠢᠯᠥᠭᠡ ᠶᠢ ᠴᠦ ᠪᠠᠲᠤᠯᠠᠬᠤ ᠶᠤᠮ᠃ ︽ᠢᠷᠭᠡᠨ ᠤ ᠬᠠᠤᠯᠢ ᠶᠢᠨ ᠪᠢᠴᠢᠭ︾ ᠲᠤ ᠲᠣᠭᠲᠠᠭᠠᠭᠰᠠᠨ ᠤᠷᠤᠭ  ᠰᠠᠯᠬᠤ  30ᠡᠳᠦᠷ ᠤᠨ  ᠲᠠᠶᠢᠪᠤᠭᠤᠷᠠᠯ ᠤᠨ  ᠬᠤᠭᠤᠴᠠᠭ᠎ᠠ ᠨᠢ  ᠵᠦᠪᠭᠡᠨ  ᠵᠢᠷᠤᠮ ᠤᠨ  ᠲᠠᠯ᠎ᠠ ᠪᠠᠷ  ᠵᠥᠪᠳᠡᠯᠴᠡᠨ  ᠤᠷᠤᠭ   ᠰᠠᠯᠬᠤᠬᠤᠭᠤᠴᠠᠭ᠎ᠠ ᠶᠢ ᠤᠷᠲᠤ ᠰᠢᠭ᠋ ᠪᠣᠯᠭᠠᠬᠰᠠᠨ ᠠᠴᠠ ᠪᠢᠰᠢ ᠬᠠᠷᠢᠨ ᠤᠷᠤᠭ ᠰᠠᠯᠬᠤ ᠪᠠᠷᠢᠮᠵᠢᠶ᠎ᠠ ᠶᠢ  ᠳᠡᠭᠡᠭᠰᠢᠯᠡᠭᠦᠯᠦᠭᠰᠡᠨ  ᠦᠭᠡᠢᠶᠤᠮ᠃ ᠨᠦᠭᠦᠷ ᠬᠡᠷᠭᠡᠢ ᠬᠤᠶᠠᠭᠤᠯᠠ ᠶᠢᠨ ᠬᠠᠶᠢᠷ᠎ᠠ ᠰᠡᠳᠬᠢᠯᠭᠡ ᠨᠢ ᠦᠨᠡᠬᠡᠷ ᠨᠢᠭᠡᠨᠲᠡ ᠡᠪᠳᠡᠷᠡᠭᠰᠡᠨ ᠪᠠᠶᠢᠪᠠᠯ᠂ ᠤᠷᠤᠭ  ᠰᠠᠯᠬᠤᠦᠶ᠎ᠠ ᠶᠢᠨ ᠲᠠᠶᠢᠪᠤᠭᠤᠷᠠᠯ ᠤᠨ ᠬᠤᠭᠤᠴᠠᠭ᠎ᠠ ᠬᠡᠭᠦ ᠡᠨᠡ ᠬᠦ ᠤᠷᠤᠭ ᠤᠨ ︽ᠭᠡᠮᠰᠢᠯ ᠤᠨ ᠵᠤᠷ︾ ᠢ  ᠬᠡᠷᠡᠭᠯᠡᠭᠦ  ᠦᠭᠡᠢ  ᠪᠠᠶᠢᠵᠤᠪᠦᠷᠢᠮᠦᠰᠦᠨ ᠪᠤᠯᠬᠤ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号