ᠦᠯᠦ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠵᠦ ᠡᠪᠡᠳᠴᠢᠨ ᠬᠢᠵᠢᠭ ᠢ ᠰᠡᠷᠭᠡᠶᠢᠯᠡᠬᠦ 5 ᠵᠥᠢᠯ ᠤᠨ ᠢᠳᠡᠭᠡᠨ 6 ᠵᠥᠢᠯ ᠤᠨ ᠬᠠᠪᠰᠤᠷᠤᠮᠵᠢ
ᠨᠡᠶᠢᠲᠡᠯᠡᠭᠰᠡᠨ ᠴᠠᠭ᠄
2020/12/10
       ᠲᠤᠩ ᠬᠢᠰᠤᠭ᠎ᠠ ᠶᠢᠨ ᠲᠦᠷᠦᠯ+ ᠮᠦᠬᠦ ᠶᠢᠨ ᠲᠦᠷᠦᠯ᠃ ᠴᠠᠶᠢᠷ ᠨᠢ ᠦᠯᠦ ᠬᠠᠯᠳᠠᠭᠠᠬᠤ ᠴᠢᠳᠠᠪᠤᠷᠢ ᠳᠤ ᠵᠤᠬᠢᠬᠤ‌‍ᠲ᠋ᠤᠬᠢᠷᠠᠭᠤᠯᠤᠯᠲᠠ ᠪᠤᠯᠳᠠᠭ᠃ ᠲᠤᠩ ᠬᠢᠰᠤᠭ᠎ᠠ ᠶᠢᠨ ᠲᠦᠷᠦᠯ ᠤᠨ ᠢᠳᠡᠭᠡᠨ ᠳᠤ  ᠴᠠᠶᠢᠷ  ᠡᠯᠪᠡᠭ  ᠠᠭᠤᠯᠤᠭᠳᠠᠳᠠᠭ᠃  ᠬᠡᠷᠪᠡ‌‍ᠲ᠋ᠤᠩ ᠬᠢᠰᠤᠭ᠎ᠠ ᠶᠢᠨ ᠲᠦᠷᠦᠯ ᠢ ᠦᠷᠭᠦᠯᠵᠢ ᠢᠳᠡᠬᠦ ᠦᠭᠡᠢ ᠳᠤ ᠬᠦᠷᠪᠡᠯ ᠮᠦᠬᠦ ᠶᠢᠨ ᠲᠦᠷᠦᠯ ᠢ ᠢᠳᠡᠭᠰᠡᠨ ᠴᠦ  ᠪᠤᠯᠤᠨ᠎ᠠ᠃ᠮᠦᠭᠦ ᠶᠢᠨ ᠲᠦᠷᠦᠯ ᠤᠨ ᠢᠳᠡᠭᠡᠨ ᠳᠤ ᠴᠠᠶᠢᠷ ᠡᠯᠪᠡᠭ ᠪᠠᠶᠢᠬᠤ ᠠᠴᠠ ᠭᠠᠳᠠᠨ᠎ᠠ᠂ ᠰᠢᠬᠢᠷ ᠡᠯᠪᠡᠭ ᠪᠠᠶᠢᠵᠦ᠂ ᠦᠯᠤ ᠬᠠᠯᠳᠠᠭᠠᠬᠤ‌‍ᠴᠢᠳᠠᠪᠤᠷᠢ ᠶᠢ ᠳᠡᠭᠡᠭᠰᠢᠯᠡᠭᠦᠯᠬᠦ ᠳᠤ ᠠᠰᠢᠭᠲᠠᠢ᠃ ᠡᠭᠦᠨ ᠠᠴᠠ ᠭᠠᠳᠠᠨ᠎ᠠ᠂ ᠠᠮᠢᠲᠠᠨ ᠤ ᠡᠯᠢᠭᠡ᠂ ᠪᠤᠭᠤᠳᠠᠢ ᠶᠢᠨ ᠬᠦᠪᠤᠷᠡᠯ  ‍ᠤᠨ‌ᠨᠤᠨᠳᠠᠭ᠂ ᠬᠠᠷ᠎ᠠ ᠮᠢᠬ᠎ᠠ᠂ ᠬᠡᠭᠡᠷ᠎ᠡ ᠶᠢᠨ ᠬᠤᠰᠢᠭ᠎ᠠ ᠳᠤ ᠴᠦ ᠴᠠᠶᠢᠷ ᠨᠡᠯᠢᠶᠡᠳ ᠡᠯᠪᠡᠭ ᠪᠠᠶᠢᠳᠠᠭ᠃        ᠡᠯᠢᠭᠡ+ ᠤᠯᠠᠪᠤᠷ ᠰᠢᠷ᠎ᠠ ᠦᠩᠭᠡᠲᠡᠢ ᠨᠤᠭᠤᠭ᠎ᠠ᠃  ᠠᠮᠢᠲᠠᠨ   ᠤ  ᠴᠢᠨᠠᠷᠲᠠᠢ  ᠢᠳᠡᠭᠡᠨ  ᠵᠢᠱᠢᠶᠡᠯᠡᠪᠡᠯ  ᠡᠯᠢᠭᠡ᠂ᠭᠠᠯᠠᠭᠤᠨ ᠦᠨᠳᠡᠭᠡᠨ ᠰᠢᠷ᠎ᠠ᠂ ᠵᠢᠭᠠᠰᠤᠨ ᠲᠤᠰᠤᠨ ᠳᠤ ᠸᠢᠲ᠋ᠠᠮᠢᠨA ᠮᠠᠰᠢ  ᠡᠯᠪᠡᠭ  ᠪᠠᠶᠢᠳᠠᠭ᠃  ᠸᠢᠲ᠋ᠠᠮᠢᠨA  ᠨᠢᠳᠤᠨ  ‍ᠣ‌ᠬᠠᠷᠠᠭ᠎ᠠ ᠬᠠᠮᠠᠭᠠᠯᠠᠳᠠᠭ ᠢ ᠤᠯᠠᠨ ᠢᠶᠠᠷ ᠢᠶᠠᠨ ᠪᠦᠷ ᠮᠡᠳᠡᠨ᠎ᠡ᠃ ᠦᠨᠡᠨ ᠳᠡᠭᠡᠨ ᠲᠡᠷᠡ ᠪᠤᠯ ᠦᠯᠤ ᠬᠠᠯᠳᠠᠭᠠᠬᠤ ᠴᠢᠳᠠᠪᠤᠷᠢ  ᠲᠠᠢ‌ᠨᠢᠭᠲᠠ ᠬᠠᠷᠢᠴᠠᠭ᠎ᠠ ᠲᠠᠢ ᠶᠤᠮ᠃ ᠰᠢᠷ᠎ᠠ ᠯᠤᠤᠪᠠᠩ᠂ ᠨᠠᠩᠭᠤᠸᠠ᠂ ᠵᠦᠷᠵᠢ ᠵᠡᠷᠭᠡ ᠤᠯᠠᠪᠤᠷ ᠰᠢᠷ᠎ᠠ ᠦᠩᠭᠡᠲᠡᠢ ᠨᠤᠭᠤᠭ᠎ᠠ ᠵᠢᠮᠢᠰ‌‍ᠤᠨ ᠬᠠᠩᠭᠠᠬᠤ B᠂ ᠰᠢᠷ᠎ᠠ ᠯᠤᠤᠪᠠᠩ ᠤᠨ ᠡᠳ᠋ ᠨᠢ ᠪᠡᠶ᠎ᠡ ᠶᠢᠨ ᠲᠤᠲᠤᠷ᠎ᠠ ᠸᠢᠲ᠋ᠠᠮᠢᠨA ᠪᠤᠯᠵᠦ ᠬᠤᠪᠢᠷᠠᠳᠠᠭ᠃        ᠭᠦᠨ ᠨᠤᠭᠤᠭᠠᠨ ᠦᠩᠭᠡᠲᠡᠢ  ᠨᠤᠭᠤᠭ᠎ᠠ+  ᠲᠤᠯᠤᠭᠤᠨ᠎ᠠ᠃  ᠨᠤᠭᠤᠭᠠᠨ  ᠴᠡᠴᠡᠭᠳᠤ  ᠪᠠᠶᠢᠼᠠᠢ᠂  ᠦᠷᠭᠡᠰᠤᠳᠤ‌ᠨᠤᠭᠤᠭ᠎ᠠ᠂ ᠠᠪᠤᠭ᠎ᠠ᠂ ᠲᠤᠮᠤ ᠴᠠᠭᠠᠨ ᠨᠤᠭᠤᠭ᠎ᠠ᠂ ᠰᠢᠯᠡᠮᠳᠡᠭ ᠵᠡᠷᠭᠡ ᠭᠦᠨ ᠨᠤᠭᠤᠭᠠᠨ ᠦᠩᠭᠡᠲᠡᠢ ᠨᠤᠭᠤᠭ᠎ᠠ︔  ᠲᠤᠯᠤᠭᠤᠨ᠎ᠠ᠂ᠴᠢᠪᠠᠭ᠎ᠠ᠂ ᠲᠤᠰᠢᠯᠤᠢ᠂ ᠭᠠᠲᠢᠷ᠎ᠠ ᠶᠢᠨ ᠵᠢᠮᠢᠰ᠂ ᠬᠦᠵᠡᠯᠵᠡᠭᠡᠨ᠎ᠡ᠂ ᠰᠢᠷᠠᠰᠤ ᠵᠡᠷᠭᠡ ᠵᠢᠮᠢᠰ ᠨᠢ ᠪᠦᠷ ᠸᠢᠲ᠋ᠠᠮᠢᠨ C ᠶᠢᠨ  ᠠᠪᠤᠷᠭᠤ‌‍ᠤᠳ ᠶᠤᠮ᠃ ᠸᠢᠲ᠋ᠠᠮᠢᠨ C ᠨᠢ ᠡᠰᠡᠷᠭᠦᠴᠡᠯ ᠴᠤᠭᠴᠠ ᠶᠢᠨ ᠪᠦᠷᠢᠯᠳᠦᠯ ᠢ ᠠᠬᠢᠭᠤᠯᠳᠠᠭ᠃       ᠳᠠᠯᠠᠢ ᠶᠢᠨ ᠵᠢᠭᠠᠰᠤ᠃ ᠸᠢᠲ᠋ᠠᠮᠢᠨ D  ᠦᠯᠤ  ᠬᠠᠯᠳᠠᠭᠠᠬᠤ  ᠴᠢᠳᠠᠪᠤᠷᠢ   ᠶᠢ  ᠴᠢᠩᠭᠠᠷᠠᠭᠤᠯᠵᠦ᠂  ᠸᠢᠲ᠋ᠠᠮᠢᠨ  Dᠲᠤᠲᠠᠭᠳᠠᠪᠠᠯ ᠪᠡᠶ᠎ᠡ ᠶᠢᠨ ᠬᠡᠪ ᠤᠨ ᠴᠢᠳᠠᠪᠤᠷᠢ ᠶᠢ ᠨᠦᠯᠦᠭᠡᠯᠡᠳᠡᠭ᠃ ᠨᠠᠷᠠᠨ ᠳᠤ ᠡᠭᠡᠭᠡᠬᠦ ᠪᠤᠯ ᠸᠢᠲ᠋ᠠᠮᠢᠨ D ᠰᠢᠩᠭᠡᠭᠡᠨ  ᠠᠪᠬᠤ‌‍ᠪᠦ᠋ᠳᠦᠮᠵᠢᠲᠠᠢ ᠠᠷᠭ᠎ᠠ ᠪᠤᠯᠪᠠᠴᠤ᠂ ᠡᠪᠤᠯ   ᠤᠨ  ᠤᠯᠠᠷᠢᠯ   ᠳᠤ  ᠬᠠᠮᠤᠭ  ᠰᠠᠶᠢᠨ   ᠨᠢ  ᠸᠢᠲ᠋ᠠᠮᠢᠨ  D  ᠡᠯᠪᠡᠭᠲᠡᠢ  ᠢᠳᠡᠭᠡᠨ‌ᠨᠦ᠋ᠬᠦᠪᠤᠷᠢᠯᠡᠪᠡᠯ ᠵᠤᠬᠢᠨ᠎ᠠ᠃ ᠳᠠᠯᠠᠢ ᠶᠢᠨ ᠵᠢᠭᠠᠰᠤ᠂ ᠠᠮᠢᠲᠠᠨ ᠤ ᠡᠯᠢᠭᠡ᠂ ᠵᠢᠭᠠᠰᠤᠨ ᠲᠤᠰᠤ᠂ ᠦᠨᠳᠡᠭᠡᠨ   ᠳᠤ  ᠸᠢᠲ᠋ᠠᠮᠢᠨ  D ᠶᠢᠨ ᠠᠭᠤᠯᠤᠭᠳᠠᠴᠠ ᠬᠠᠷᠢᠴᠠᠩᠭᠤᠢ ᠡᠯᠪᠡᠭ ᠪᠠᠶᠢᠳᠠᠭ᠃       ᠠᠮᠢᠲᠠᠨ ᠤ ᠴᠢᠰᠤ+ ᠡᠯᠢᠭᠡ᠃ ᠲᠡᠮᠤᠷ ᠲᠤᠳᠠᠪᠠᠯ ᠦᠯᠤ ᠬᠠᠯᠳᠠᠭᠠᠬᠤ ᠡᠰ ᠬᠠᠰᠤᠭᠳᠠᠵᠦ᠂  ᠦᠯᠤ  ᠬᠠᠯᠳᠠᠭᠠᠬᠤ‌‍ᠲ᠋ᠤᠰᠬᠠᠯ ᠲᠤᠲᠠᠭᠤᠳᠠᠳᠠᠭ᠃ ᠬᠠᠷ᠎ᠠ ᠮᠢᠬ᠎ᠠ᠂ ᠠᠮᠢᠲᠠᠨ ᠤ ᠴᠢᠰᠤ᠂ ᠡᠯᠢᠭᠡ ᠵᠡᠷᠭᠡ  ᠢᠳᠡᠭᠡᠨ   ᠨᠢ  ᠲᠡᠮᠤᠷ  ᠡᠯᠪᠡᠭᠲᠡᠢ  ᠪᠦᠭᠡᠳ‌‍ᠰᠢᠩᠭᠡᠭᠡᠵᠦ ᠠᠪᠬᠤ ᠳᠤ ᠰᠠᠶᠢᠨ ᠪᠠᠶᠢᠳᠠᠭ᠃ ᠡᠳᠤᠷ ᠪᠦᠷᠢ 40 ~75 ᠭᠷᠠᠮ ᠮᠢᠬ᠎ᠠ ᠢᠳᠡᠵᠦ᠂ ᠠᠮᠢᠲᠠᠨ ᠤ ᠡᠯᠢᠭᠡ ᠶᠢ  ᠰᠠᠷ᠎ᠠ‌‍ᠪᠦ᠋ᠷᠢ 2~3 ᠤᠳᠠᠭ᠎ᠠ᠂ ᠤᠳᠠᠭ᠎ᠠ ᠪᠦᠷᠢ 25 ᠭᠷᠠᠮ ᠤᠷᠴᠢᠮ ᠢᠳᠡᠪᠡᠯ ᠰᠠᠶᠢᠨ ᠭᠡᠵᠦ ᠰᠠᠨᠠᠭᠤᠯᠵᠦ ᠪᠠᠶᠢᠨ᠎ᠠ᠃        ᠦᠨᠢᠥᠶᠡᠨ ᠰᠦ+ ᠲᠠᠬᠢᠶᠠᠨ ᠦᠨᠳᠡᠭᠡ᠃ ᠢᠳᠡᠭᠡᠨ ᠤᠮᠳᠠᠭᠠᠨ ᠳᠤ ᠤᠭᠤᠷᠠᠭ ᠲᠤᠲᠠᠭᠳᠠᠪᠠᠯ ᠪᠡᠶ᠎ᠡ ᠶᠢᠨ  ᠦᠯᠤ‌ᠬᠠᠯᠳᠠᠭᠠᠬᠤ ᠴᠢᠳᠠᠪᠤᠷᠢ ᠪᠠᠭᠤᠷᠠᠨ᠎ᠠ᠃ ᠤᠭᠤᠷᠠᠭ ᠶᠡᠬᠡᠲᠡᠢ ᠢᠳᠡᠭᠡᠨ ᠲᠤᠩ ᠠᠷᠪᠢᠨ ᠪᠤᠢ᠂ ᠦᠨᠢᠶᠡᠨ ᠰᠦ᠂ ᠴᠠᠭᠠᠨ  ᠢᠳᠡᠭᠡ᠂ᠲᠠᠬᠢᠶᠠᠨ‌ᠦᠨᠳᠡᠭᠡ᠂ ᠮᠠᠯ ᠵᠢᠭᠦᠷᠲᠡᠨ ᠤ ᠮᠢᠬ᠎ᠠ᠂ ᠵᠢᠭᠠᠰᠤ᠂ ᠰᠠᠮ ᠬᠤᠷᠤᠬᠠᠢ᠂ ᠰᠢᠷ᠎ᠠ ᠪᠤᠷᠴᠠᠭ ᠨᠢ ᠴᠦᠮ  ᠴᠢᠨᠠᠷᠯᠢᠭ  ᠤᠭᠤᠷᠠᠭ‌‍ᠤᠨ ᠰᠠᠶᠢᠨ ᠢᠷᠡᠯᠲᠡ ᠮᠥᠨ᠃ ᠦᠨᠢᠶᠡᠨ ᠰᠦ ᠶᠢ ᠡᠳᠤᠷ ᠪᠦᠷᠢ 300  ᠮᠢᠯᠯᠢᠯᠢᠲᠷ  ᠪᠠᠷᠤᠭ  2  ᠤᠭᠤᠲᠠ  ᠤᠤᠭᠤᠵᠦ᠂ᠲᠠᠬᠢᠶᠠᠨ ᠦᠨᠳᠡᠭᠡ 1᠂ ᠮᠠᠯ ᠵᠢᠭᠦᠷᠲᠡᠨ ᠤ ᠮᠢᠬ᠎ᠠ ᠡᠳᠤᠷ ᠪᠦᠷᠢ 40 ~75 ᠭᠷᠠᠮ᠂᠂ᠵᠢᠭᠠᠰᠤ ᠰᠠᠮ ᠬᠤᠷᠤᠬᠠᠢ ᠡᠳᠤᠷ  ᠪᠦᠷᠢ40 ~75 ᠭᠷᠠᠮ᠂ ᠰᠢᠷ᠎ᠠ ᠪᠤᠷᠴᠠᠭ ᠨᠢᠭᠡ ᠠᠳᠬᠤ ︵30 ᠭᠷᠠᠮ ᠤᠷᠴᠢᠮ︶ ᠡᠰᠡᠭᠦᠯ᠎ᠡ ᠵᠤᠬᠢᠬᠤ ᠪᠤᠷᠴᠠᠭ ᠤᠨ ᠪᠦᠳᠦᠭᠡᠭᠳᠡᠭᠦᠨ‌ᠢᠳᠡᠵᠦ ᠤᠤᠭᠤᠪᠠᠯ ᠵᠦᠭᠡᠷ ᠭᠡᠵᠦ ᠰᠠᠨᠠᠭᠤᠯᠵᠦ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号