ᠮᠤᠩᠭᠤᠯᠴᠤᠤᠨ ᠤᠨ ᠨᠠᠢᠮᠠᠨ ᠶᠡᠭᠡ ᠴᠡᠬᠡᠷ ᠶᠤᠰᠤᠨ
ᠨᠡᠶᠢᠲᠡᠯᠡᠭᠰᠡᠨ ᠴᠠᠭ᠄
2019/9/4
     ᠤᠷᠳᠤ ᠤᠳᠠᠭᠠᠨ ᠲᠡᠤᠬᠡᠨ ᠶᠠᠪᠤᠴᠠ ᠳᠤ ᠮᠤᠩᠭᠤᠯ ᠥᠨᠳᠤᠰᠤᠳᠡᠨ ᠤ ᠠᠵᠤ ᠠᠮᠢᠳᠤᠷᠠᠯ ᠤᠨ ᠲᠤᠮᠳᠠ ᠮᠠᠰᠢ ᠠᠷᠪᠢᠨ ᠶᠤᠰᠤ ᠵᠠᠩᠰᠢᠯ ᠪᠤᠢ ᠪᠤᠯᠵᠤ ᠪᠥᠷᠢᠯᠳᠦᠭᠰᠡᠨ ᠪᠢᠯᠡ᠃ ᠲᠡᠳᠡᠬᠡᠷ ᠶᠤᠰᠤ ᠵᠠᠩᠰᠢᠯ ᠤᠨ ᠲᠤᠳᠤᠷ᠎ᠠ ᠠᠴᠠ ᠴᠡᠬᠡᠷ ᠶᠤᠰᠤᠨ ᠨᠢ ᠲᠦᠢᠯ ᠤᠨ ᠴᠢᠬᠤᠯᠠ ᠪᠥᠷᠢᠯᠳᠤᠬᠦᠨ ᠪᠤᠯᠬᠤ ᠨᠢ ᠲᠠᠮᠵᠢᠭ ᠥᠬᠡᠢ᠃ ᠲᠤᠤᠷ᠎ᠠ ᠮᠤᠩᠭᠤᠯᠴᠤᠤᠨ ᠤᠨ ᠴᠡᠬᠡᠷ ᠶᠤᠰᠤᠨ ᠤ ᠲᠤᠬᠠᠢ ᠲᠥᠬᠦᠮ ᠲᠠᠨᠢᠯᠴᠠᠭᠤᠯᠤᠶ᠎ᠠ᠃              1᠂ ᠭᠠᠯ ᠤᠨ ᠲᠤᠬᠠᠢ ᠴᠡᠬᠡᠷ ᠶᠤᠰᠤᠨ  ᠄ ᠮᠤᠩᠭᠤᠯᠴᠤᠤᠨ ᠭᠠᠯ ᠤᠨ ᠪᠤᠷᠬᠠᠨ᠂ ᠭᠤᠯᠤᠮᠳᠠ ᠲᠤᠯᠭ᠎ᠠ ᠪᠠᠨ ᠲᠡᠬᠡᠳᠤᠯᠠᠨ ᠰᠢᠳᠤᠵᠤ᠂ ᠭᠠᠯ ᠢ ᠠᠯᠢᠪᠠ ᠮᠠᠭᠤ ᠮᠠᠭᠤᠬᠠᠢ ᠶᠠᠭᠤᠮ᠎ᠠ ᠪᠤᠯᠤᠨ ᠭᠠᠢ ᠪᠠᠷᠴᠢᠤᠨ ᠢ ᠵᠠᠶᠢᠯᠠᠭᠤᠯᠳᠠᠭ ᠬᠡᠮᠡᠨ ᠥᠵᠡᠳᠡᠭ᠃ ᠡᠶᠢᠮᠤ ᠠᠴᠠ ᠮᠤᠩᠭᠤᠯ ᠬᠡᠷ ᠲᠤ ᠤᠷᠤᠭᠰᠠᠨ ᠤ ᠲᠠᠷᠠᠭ᠎ᠠ ᠲᠤᠯᠭ᠎ᠠ ᠶᠢᠨ ᠲᠡᠬᠡᠷ᠎ᠡ ᠬᠥᠯ ᠢᠶᠠᠨ ᠰᠢᠷᠠᠬᠤ ᠶᠢ ᠴᠡᠬᠡᠷᠯᠡᠳᠡᠭ ᠮᠥᠷᠳᠡᠬᠡᠨ ᠲᠤᠯᠭ᠎ᠠ ᠶᠢᠨ ᠬᠠᠵᠠᠭᠤ ᠳᠤ ᠨᠦᠢᠳᠠᠨ ᠭᠤᠳᠤᠯ ᠱᠠᠬᠠᠢ ᠪᠠᠨ ᠬᠠᠳᠠᠭᠠᠬᠤ ᠶᠢ ᠨᠡᠩ ᠶᠡᠭᠡ ᠴᠡᠬᠡᠷᠯᠡᠳᠡᠭ ᠶᠤᠮ᠃ ᠪᠠᠰᠠ ᠲᠤᠯᠭ᠎ᠠ ᠶᠢᠨ ᠲᠡᠬᠡᠬᠦᠷ ᠠᠯᠬᠤᠬᠤ ᠪᠤᠶᠤ ᠲᠤᠯᠭ᠎ᠠ ᠶᠢᠨ ᠲᠡᠬᠡᠷ᠎ᠡ ᠬᠢᠰᠬᠢᠬᠦ᠂ ᠲᠠᠮᠠᠬᠢᠨ ᠭᠠᠨᠭ᠍ᠰᠠ ᠪᠠᠨ ᠲᠤᠯᠭ᠎ᠠ ᠶᠢᠨ ᠲᠡᠬᠡᠷ᠎ᠡ ᠬᠥᠪᠢᠬᠦ᠂ ᠶᠠᠭᠤᠮ᠎ᠠ ᠴᠤᠬᠢᠬᠤ᠂ ᠪᠤᠵᠠᠷ ᠪᠤᠷᠳᠠᠭ ᠶᠠᠭᠤᠮ᠎ᠠ ᠬᠠᠶᠠᠬᠤ ᠶᠢ ᠴᠡᠬᠡᠷᠯᠡᠨ᠎ᠡ᠃ ᠬᠢᠳᠤᠭ᠎ᠠ ᠪᠠᠷ ᠭᠠᠯ ᠭᠤᠴᠢᠯᠠᠬᠤ᠂ ᠭᠠᠯ ᠤᠨ ᠲᠤᠳᠤᠷ᠎ᠠ ᠬᠢᠳᠤᠭ᠎ᠠ ᠤᠷᠤᠭᠤᠯᠬᠤ ᠪᠤᠶᠤ ᠲᠤᠭᠤᠭᠠᠨ ᠠᠴᠠ ᠬᠢᠳᠤᠭ᠎ᠠ ᠪᠠᠷ ᠮᠢᠬ᠎ᠠ ᠠᠪᠬᠤ ᠶᠢ ᠶᠡᠭᠡ ᠴᠡᠬᠡᠷᠯᠡᠳᠡᠭ᠃                2᠂ ᠤᠰᠤᠨ ᠤ ᠲᠤᠬᠠᠢ ᠴᠡᠬᠡᠷ ᠶᠤᠰᠤᠨ  ᠄ ᠮᠤᠩᠭᠤᠯᠴᠤᠤᠨ ᠤᠰᠤ ᠶᠢ ᠷᠠᠰᠢᠶᠠᠨ ᠤ ᠲᠡᠬᠡᠳᠤ ᠬᠡᠵᠤ ᠲᠡᠬᠡᠳᠤᠯᠡᠳᠡᠭ᠃ ᠡᠶᠢᠮᠤ ᠠᠴᠠ ᠭᠤᠤᠯ ᠮᠥᠷᠠᠨ ᠳᠤ ᠭᠠᠷ ᠢᠶᠠᠨ ᠤᠬᠢᠶᠠᠬᠤ ᠪᠤᠶᠤ ᠪᠡᠶ᠎ᠡ ᠪᠠᠨ ᠤᠬᠢᠶᠠᠳᠠᠭ ᠥᠬᠡᠢ᠃ ᠨᠡᠩ ᠴᠤ ᠭᠤᠤᠯ ᠮᠥᠷᠡᠨ ᠳᠤ ᠬᠤᠭ ᠨᠤᠪᠰᠢ ᠬᠠᠶᠠᠬᠤ ᠶᠢ ᠴᠡᠬᠡᠷᠯᠡᠳᠡᠭ᠃ ᠮᠤᠩᠭᠤᠯ ᠨᠤᠳᠤᠭ ᠭᠠᠨᠭ᠌ ᠬᠠᠭᠤᠷᠠᠢ᠂ ᠤᠰᠤ ᠲᠤᠳᠠᠮᠠᠭ᠂ ᠤᠰᠤ ᠡᠪᠡᠰᠤ ᠪᠠᠨ ᠲᠠᠭᠠᠵᠤ ᠨᠡᠬᠦᠳᠡᠯᠯᠡᠨ ᠮᠠᠯᠵᠢᠵᠤ ᠠᠵᠤ ᠲᠦᠷᠦᠳᠡᠭ ᠮᠤᠩᠭᠤᠯᠴᠤᠤᠨ ᠲᠤ ᠠᠪᠴᠤ ᠬᠡᠯᠡᠪᠡᠯ ᠤᠰᠤ ᠪᠤᠯ ᠠᠮᠢ ᠨᠠᠰᠤᠨ ᠤ ᠡᠬᠢ ᠰᠤᠷᠪᠤᠯᠵᠢ ᠪᠤᠯᠬᠤ ᠤᠴᠢᠷᠳᠠᠢ᠃ ᠡᠶᠢᠮᠤ ᠠᠴᠠ ᠮᠤᠩᠭᠤᠯᠴᠤᠤᠨ ᠤᠰᠤᠨ ᠤ ᠴᠡᠪᠡᠷ ᠲᠤᠩᠭᠠᠯᠠᠭ ᠢ ᠬᠠᠮᠠᠭᠠᠯᠠᠵᠤ᠂ ᠭᠠᠮᠨᠠᠨ ᠠᠷᠪᠢᠯᠠᠭᠰᠠᠭᠠᠷ ᠢᠷᠡᠭᠰᠡᠨ ᠪᠢᠯᠡ᠃              3᠂ ᠡᠪᠡᠳᠴᠢᠨ ᠤ ᠲᠤᠬᠠᠢ ᠴᠡᠬᠡᠷ ᠶᠤᠰᠤᠨ  ᠄ ᠠᠶᠢᠯ ᠳᠤ ᠬᠡᠷᠪᠡ ᠬᠥᠨᠳᠤ ᠡᠪᠡᠳᠴᠢᠨ ᠲᠠᠢ ᠪᠤᠶᠤ ᠠᠶᠤᠯᠳᠤ ᠠᠷᠬᠠᠭ ᠲᠤ ᠨᠡᠷᠪᠡᠭᠳᠡᠭᠰᠡᠨ ᠬᠥᠮᠤᠨ ᠪᠠᠶᠢᠬᠤ ᠳᠤ ᠬᠥᠷᠪᠡᠯ᠂ ᠬᠡᠷ ᠤᠨ ᠢᠶᠠᠨ ᠵᠡᠬᠦᠨ ᠲᠠᠯ᠎ᠠ ᠳᠤ ᠲᠡᠬᠡᠰᠤ ᠡᠯᠬᠦᠳᠡᠭ᠃ ᠡᠨᠡ ᠨᠢ ᠠᠶᠢᠯ ᠤᠨ ᠬᠡᠷ ᠲᠤ ᠡᠪᠡᠳᠴᠢᠨ ᠲᠠᠢ ᠬᠥᠮᠤᠨ ᠪᠠᠶᠢᠭ᠎ᠠ᠂ ᠵᠤᠴᠢᠨ ᠵᠤᠴᠢᠯᠠᠬᠤ ᠳᠤ ᠲᠥᠬᠦᠮ ᠥᠬᠡᠢ ᠬᠡᠳᠡᠭ ᠢ ᠢᠯᠡᠳᠬᠡᠵᠤ ᠪᠠᠶᠢᠳᠠᠭ᠃              4᠂ ᠲᠥᠷᠤᠵᠤ ᠮᠡᠨᠳᠤᠯᠡᠬᠦ ᠶᠢᠨ ᠲᠤᠬᠠᠢ ᠴᠡᠬᠡᠷ ᠶᠤᠰᠤᠨ  ᠄ ᠮᠤᠩᠭᠤᠯ ᠨᠤᠳᠤᠭ ᠠᠭᠤᠳᠠᠮ ᠪᠤᠯᠬᠤᠷ ᠭᠠᠵᠠᠷ ᠭᠠᠵᠠᠷ ᠤᠨ ᠵᠠᠩ ᠲᠠᠳᠬᠠᠯ ᠶᠠᠬᠡᠨᠭᠭᠢ ᠳᠡᠭᠡᠨ ᠠᠳᠠᠯᠢ ᠪᠤᠯᠪᠠᠴᠤ ᠪᠠᠰᠠ ᠠᠳᠠᠯᠢ ᠥᠬᠡᠢ ᠲᠠᠯ᠎ᠠ ᠴᠤ ᠪᠤᠢ᠃ ᠮᠤᠩᠭᠤᠯ ᠪᠥᠰᠡᠬᠦ᠋ᠢᠴᠤᠤᠨ ᠬᠡᠤᠬᠡᠤᠨ ᠲᠥᠷᠤᠵᠤ᠂ ᠰᠠᠷ᠎ᠠ ᠳᠤ ᠰᠠᠭᠤᠭᠰᠠᠨ ᠥᠶ᠎ᠡ ᠳᠤ ᠭᠠᠳᠠᠨ᠎ᠠ ᠶᠢᠨ ᠬᠥᠮᠤᠨ ᠢ ᠤᠷᠤᠭᠤᠯᠳᠠᠭ ᠥᠬᠡᠢ᠃ ᠡᠬᠦᠳᠡᠨ ᠤ ᠲᠡᠷᠬᠡᠳᠡ ᠢᠯᠡ ᠬᠠᠷᠠᠭᠳᠠᠬᠤ ᠲᠡᠮᠳᠡᠭ ᠲᠠᠯᠪᠢᠳᠠᠭ᠃ ᠬᠡᠷᠪᠡ ᠬᠥᠪᠡᠬᠦᠨ ᠲᠦᠷᠦᠭᠰᠡᠨ ᠪᠤᠯ ᠨᠤᠮᠤ ᠰᠤᠮᠤ ᠡᠯᠬᠦᠬᠦ᠂ ᠥᠬᠢᠨ ᠲᠦᠷᠦᠭᠰᠡᠨ ᠪᠤᠯ ᠤᠯᠠᠭᠠᠨ ᠪᠥᠰ ᠤᠶᠠᠳᠠᠭ᠃ ᠵᠤᠴᠢᠨ ᠡᠨᠡᠬᠦ ᠲᠡᠮᠳᠡᠭ ᠢ ᠬᠠᠷᠠᠪᠠᠯ ᠡᠨᠡ ᠠᠶᠢᠯ ᠤᠨ ᠪᠥᠰᠡᠬᠦᠢ ᠰᠠᠶ᠋ᠢ ᠬᠡᠤᠬᠡᠤᠨ ᠲᠥᠷᠤᠵᠤ ᠰᠠᠷ᠎ᠠ ᠳᠤ ᠰᠠᠭᠤᠭᠰᠠᠨ ᠶᠤᠮ ᠪᠠᠶᠢᠨ᠎ᠠ ᠬᠡᠵᠤ ᠮᠡᠳᠡᠬᠡᠤᠨ ᠬᠡᠷ ᠲᠤᠨᠢ ᠤᠷᠤᠳᠠᠭ ᠥᠬᠡᠢ᠃              5᠂ ᠡᠬᠦᠳᠡᠨ ᠪᠤᠱᠤᠭᠠᠨ ᠤ ᠲᠤᠬᠠᠢ ᠴᠡᠬᠡᠷ ᠶᠤᠰᠤᠨ  ᠄ ᠡᠬᠦᠳᠡᠨ ᠪᠤᠱᠤᠭ᠎ᠠ ᠲᠡᠬᠡᠷ᠎ᠡ ᠬᠢᠰᠬᠢᠳᠡᠭ ᠥᠬᠡᠢ᠂ ᠬᠡᠷ ᠲᠤ ᠤᠷᠤᠵᠤ ᠭᠠᠷᠬᠤ ᠥᠶᠡᠰ ᠡᠬᠦᠳᠡᠨ ᠪᠤᠱᠤᠭ᠎ᠠ ᠶᠢ ᠶᠠᠭᠠᠬᠢᠭᠰᠠᠨ ᠴᠤ ᠬᠢᠰᠬᠢᠵᠤ ᠪᠤᠯᠳᠠᠭ ᠥᠬᠡᠢ᠃  ᠡᠷᠳᠡᠨ ᠳᠤ ᠵᠠᠷᠢᠮ ᠬᠥᠮᠤᠨ ᠬᠢᠴᠢᠶᠡᠮᠵᠢ ᠥᠬᠡᠢ ᠠᠴᠠ ᠪᠤᠯᠵᠤ ᠮᠤᠩᠭᠤᠯ ᠤᠨ ᠬᠠᠭᠠᠨ ᠤ ᠤᠷᠳᠤᠨ ᠤ ᠪᠤᠱᠤᠭ᠎ᠠ ᠶᠢ ᠬᠢᠰᠬᠢᠭᠰᠡᠨ ᠠᠴᠠ ᠪᠤᠯᠵᠤ ᠴᠠᠭᠠᠵᠠᠯᠠᠭᠤᠯᠤᠭᠰᠠᠨ ᠶᠠᠪᠤᠳᠠᠯ ᠴᠤ ᠪᠤᠢ᠃ ᠡᠨᠡᠬᠦ ᠴᠡᠬᠡᠷ ᠶᠤᠰᠤᠨ ᠨᠢ ᠤᠳᠤ ᠪᠤᠯᠳᠠᠯ᠎ᠠ ᠪᠠᠨ ᠤᠯᠠᠮᠵᠢᠯᠠᠭᠳᠠᠭᠰᠠᠭᠠᠷ ᠶᠤᠮ᠃              6᠂ ᠲᠤᠯᠤᠭᠠᠢ ᠢᠯᠪᠢᠵᠤ ᠪᠤᠯᠳᠠᠭ ᠥᠬᠡᠢ ᠴᠡᠬᠡᠷ ᠶᠤᠰᠤᠨ  ᠄ ᠮᠤᠩᠭᠤᠯᠴᠤᠤᠨ ᠤᠨ ᠲᠤᠮᠳᠠ ᠥᠯᠤ ᠲᠠᠨᠢᠬᠤ ᠬᠥᠮᠤᠨ ᠬᠡᠤᠬᠡᠤᠨ ᠤᠨ ᠲᠤᠯᠤᠭᠠᠢ ᠶᠢ ᠢᠯᠪᠢᠵᠤ ᠪᠤᠯᠳᠠᠭ ᠥᠬᠡᠢ ᠴᠡᠬᠡᠷ ᠶᠤᠰᠤᠨ ᠪᠤᠢ᠃ ᠬᠠᠭᠤᠴᠢᠨ ᠤ ᠥᠵᠡᠯᠳᠡ ᠪᠠᠷ ᠪᠤᠯ ᠥᠯᠤ ᠲᠠᠨᠢᠬᠤ ᠬᠥᠮᠤᠨ ᠤ ᠭᠠᠷ ᠪᠤᠵᠠᠷ ᠪᠠᠷᠴᠢᠤᠨ ᠲᠠᠢ ᠪᠠᠶᠢᠳᠠᠭ᠂ ᠡᠶᠢᠮᠤ ᠠᠴᠠ ᠬᠡᠷᠪᠡ ᠬᠡᠤᠬᠡᠤᠨ ᠤᠨ ᠲᠤᠯᠤᠭᠠᠢ ᠶᠢ ᠢᠯᠪᠢᠪᠠᠯ ᠬᠡᠤᠬᠡᠤᠨ ᠤᠨ ᠡᠷᠡᠬᠦᠯ ᠮᠡᠨᠳᠤ ᠳᠤ ᠠᠰᠢᠭ ᠥᠬᠡᠢ ᠬᠡᠮᠡᠨ ᠥᠵᠡᠳᠡᠭ᠃              7᠂ ᠨᠤᠬᠠᠢ ᠴᠤᠬᠢᠳᠠᠭ ᠥᠬᠡᠢ ᠴᠡᠬᠡᠷ ᠶᠤᠰᠤᠨ  ᠄ ᠠᠶᠢᠯ ᠳᠤ ᠵᠤᠴᠢᠯᠠᠬᠤ ᠥᠶᠡᠰ ᠬᠡᠷ ᠤᠨ ᠬᠢᠨᠢ ᠬᠠᠵᠠᠭᠤ ᠪᠠᠷ ᠠᠭᠠᠵᠢᠮ ᠮᠤᠷᠢᠯᠠᠵᠤ᠂ ᠬᠡᠷ ᠤᠨ ᠡᠵᠡᠨ ᠭᠠᠷᠴᠤ ᠢᠷᠡᠨ ᠤᠭᠳᠤᠬᠤ ᠶᠢ ᠬᠥᠯᠢᠶᠡᠨ᠂ ᠨᠤᠬᠠᠢ ᠶᠢ ᠨᠢ ᠰᠠᠶᠢᠨ ᠠᠩᠬᠠᠷᠤᠭᠰᠠᠨ ᠤ ᠲᠠᠷᠠᠭ᠎ᠠ ᠰᠠᠶ᠋ᠢ ᠮᠤᠷᠢᠨ ᠠᠴᠠ ᠪᠠᠨ ᠪᠠᠭᠤᠳᠠᠭ᠃ ᠡᠨᠡ ᠨᠢ ᠨᠤᠬᠠᠢ ᠳᠤᠨᠢ ᠬᠠᠵᠠᠭᠳᠠᠬᠤ ᠠᠴᠠ ᠰᠡᠷᠬᠡᠶᠢᠯᠡᠵᠤ ᠪᠠᠶᠢᠭ᠎ᠠ ᠶᠢᠨ ᠬᠡᠷᠡᠭ ᠪᠢᠯᠡ᠃ ᠠᠶᠢᠯ ᠤᠨ ᠨᠤᠬᠠᠢ ᠶᠢ ᠵᠤᠳᠤᠵᠤ ᠴᠤᠬᠢᠬᠤ ᠪᠤᠶᠤ ᠬᠠᠷᠢᠶᠠᠵᠤ ᠵᠥᠬᠡᠬᠦ ᠶᠢ ᠴᠡᠬᠡᠷᠯᠡᠳᠡᠭ᠃ ᠶᠠᠭᠠᠬᠢᠭᠠᠤᠨ ᠬᠡᠪᠡᠯ ᠮᠤᠩᠭᠤᠯᠴᠤᠤᠨ ᠨᠤᠬᠠᠢ ᠶᠢ ᠨᠥᠬᠦᠷ ᠢᠶᠠᠨ ᠬᠡᠵᠤ ᠥᠵᠡᠳᠡᠭ᠃              8᠂ ᠵᠤᠴᠢᠯᠠᠭᠤᠯᠬᠤ ᠴᠡᠬᠡᠷ ᠶᠤᠰᠤᠨ  ᠄ ᠮᠤᠩᠭᠤᠯᠴᠤᠤᠨ ᠬᠠᠯᠠᠭᠤᠨ ᠵᠤᠴᠢᠨᠰᠠᠭ ᠪᠤᠯᠪᠠᠴᠤ ᠵᠤᠴᠢᠯᠠᠭᠤᠯᠬᠤ ᠬᠥᠮᠤᠨ ᠳᠤ ᠠᠩᠬᠠᠷᠬᠤ ᠴᠢᠬᠤᠯᠠᠳᠠᠢ ᠴᠡᠬᠡᠷ ᠶᠤᠰᠤᠨ ᠠᠷᠪᠢᠨ ᠪᠤᠢ᠃ ᠵᠤᠴᠢᠨ ᠬᠡᠷ ᠲᠤ ᠤᠷᠤᠬᠤ ᠥᠶ᠎ᠡ ᠳᠤ ᠲᠡᠪᠡᠯ ᠬᠤᠪᠴᠠᠰᠤ ᠪᠠᠨ ᠠᠩᠬᠠᠷᠬᠤ ᠬᠡᠷᠡᠭᠳᠡᠢ᠃ ᠠᠶᠢᠯ ᠤᠨ ᠬᠡᠷ ᠲᠤ ᠲᠠᠰᠢᠭᠤᠷ ᠠᠪᠴᠤ ᠤᠷᠤᠳᠠᠭ ᠥᠬᠡᠢ᠃ ᠲᠠᠰᠢᠭᠤᠷ ᠢᠶᠠᠨ ᠮᠤᠩᠭᠤᠯ ᠬᠡᠷ ᠤᠨ ᠪᠠᠷᠠᠭᠤᠨ ᠲᠠᠯ᠎ᠠ ᠳᠤᠨᠢ ᠵᠤᠭᠰᠤᠭ᠎ᠠ ᠲᠠᠯᠪᠢᠨ᠎ᠠ᠃ ᠬᠡᠷ ᠲᠤ ᠤᠷᠤᠭᠰᠠᠨ ᠤ ᠲᠠᠷᠠᠭ᠎ᠠ ᠪᠤᠷᠬᠠᠨ ᠤ ᠬᠢᠨᠢ ᠡᠮᠤᠨ᠎ᠡ ᠰᠠᠭᠤᠵᠤ ᠪᠤᠯᠬᠤ ᠥᠬᠡᠢ᠃ ᠬᠡᠷᠪᠡ ᠴᠡᠬᠡᠷ ᠶᠤᠰᠤ ᠶᠢ ᠲᠠᠭᠠᠬᠤ ᠥᠬᠡᠢ ᠪᠤᠯ ᠠᠶᠢᠯ ᠤᠨ ᠡᠵᠡᠨ ᠢ ᠬᠥᠨᠳᠤᠳᠬᠡᠭᠰᠡᠨ ᠥᠬᠡᠢ᠂ ᠲᠤᠤᠷ᠎ᠠ ᠥᠵᠡᠭᠰᠡᠨ ᠳᠤ ᠲᠤᠭᠠᠴᠠᠭᠳᠠᠵᠤ᠂ ᠶᠤᠰᠤ ᠴᠡᠬᠡᠷ ᠮᠡᠳᠡᠬᠦ ᠥᠬᠡᠢ᠂ ᠤᠬᠠᠭᠠᠨ ᠲᠤᠮᠤᠭ᠎ᠠ ᠥᠬᠡᠢ ᠬᠥᠮᠤᠨ ᠬᠡᠵᠤ ᠤᠢᠢᠯᠠᠭᠠᠭᠳᠠᠬᠤ ᠪᠤᠯᠤᠨ᠎ᠠ᠃
 
ᠢᠷᠡᠯᠲᠡ᠄ ᠲᠦᠡᠭᠯᠢᠶᠤᠤ ᠬᠤᠲᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号