ᠤᠪᠤᠭ᠎ᠠ ᠲᠠᠬᠢᠬᠤ
ᠨᠡᠶᠢᠲᠡᠯᠡᠭᠰᠡᠨ ᠴᠠᠭ᠄
2017/6/21
       ᠤᠪᠤᠭᠠᠨ ᠰᠢᠳᠤᠯᠭᠡ ᠪᠤᠯ ᠡᠭᠡ ᠲᠡᠯᠡᠬᠡᠢ ᠶᠢᠨ ᠰᠢᠳᠤᠯᠭᠡ ᠳᠠᠬᠢ ᠠᠭᠤᠯᠠ ᠬᠠᠳᠠᠨ ᠤ ᠰᠢᠳᠤᠯᠬᠡ ᠠᠴᠠ ᠰᠤᠷᠪᠤᠯᠵᠢᠳᠠᠢ᠃ ᠪᠡᠯᠡᠷ ᠡᠷᠳᠡᠨ ᠤ ᠬᠦᠮᠦᠰ ᠲᠦᠮᠡᠨ ᠪᠤᠳᠠᠰ ᠢ ᠪᠦᠷ ᠡᠵᠡᠳ ᠰᠠᠬᠢᠭᠤᠰᠤ ᠲᠠᠢ ᠬᠡᠮᠡᠨ ᠤᠬᠠᠮᠰᠠᠷᠡᠵᠦ ᠪᠠᠶᠢᠭᠰᠠᠨ ᠪᠤᠯᠬᠤᠷ ᠠᠭᠤᠯᠠ ᠬᠠᠳᠠᠨ ᠳᠤ ᠴᠦ ᠪᠡᠰᠠ ᠡᠵᠡᠳ ᠰᠠᠬᠢᠭᠤᠰᠤ ᠲᠠᠢ ᠭᠡᠵᠦ ᠦᠵᠡᠵᠦ ᠪᠠᠶᠢᠵᠠᠢ᠃ ᠲᠠᠶᠢᠮᠤ  ᠠᠴᠠ ᠦᠨᠳᠤᠷ ᠰᠦᠷᠯᠢᠭ ᠠᠭᠤᠯᠠ ᠬᠠᠶᠢᠷᠬᠠᠨ᠂ ᠪᠠᠷᠳᠠᠭᠠᠳᠤ ᠤᠷᠬᠢᠯ ᠬᠦᠨ ᠵᠢᠯᠠᠭ᠎ᠠ᠂ ᠡᠷᠪᠡᠭᠡᠷ ᠰᠡᠷᠪᠡᠭᠡᠷ ᠠᠰᠬ᠎ᠠ ᠬᠠᠳᠠ᠂ ᠬᠦᠯ ᠦᠬᠡᠢ ᠤᠰᠤ᠂ ᠭᠤᠤᠯ ᠮᠦᠷᠡᠨ᠂ ᠬᠠᠷᠠᠩᠭᠤᠢ ᠤᠢ᠂ ᠠᠪᠤᠷᠭᠤ ᠮᠤᠳᠤ ᠨᠤᠭᠤᠳ ᠲᠤ ᠪᠦᠷ ᠰᠦᠨᠡᠰᠤ ᠰᠠᠬᠢᠭᠤᠰᠤ ᠲᠠᠢ ᠭᠡᠵᠦ ᠠᠶᠤᠨ ᠡᠮᠢᠶᠠᠵᠦ ᠰᠦᠰᠦᠭᠯᠡᠨ ᠰᠢᠳᠤᠳᠡᠭ᠃ ᠮᠤᠩᠭᠤᠯ ᠨᠤᠳᠤᠭ ᠲᠤ ᠤᠪᠤᠭ᠎ᠠ ᠲᠡᠬᠢᠬᠤ ᠴᠠᠭ ᠢ ᠵᠤᠨ᠂ ᠨᠡᠮᠤᠷ ᠤᠨ ᠲᠡᠯᠬᠡᠷ ᠰᠠᠶᠢᠬᠠᠨ ᠤᠯᠠᠷᠢᠯ ᠳᠤ ᠲᠤᠬᠢᠷᠠᠭᠤᠯᠤᠭᠰᠠᠨ ᠪᠠᠶᠢᠳᠠᠭ ᠰᠠᠨ᠃ ᠪᠦᠬᠦ ᠮᠤᠩᠭᠤᠯ ᠤᠨ ᠭᠡᠪᠴᠢᠶᠠᠨ ᠳᠤ ᠪᠢᠯᠢᠭ ᠤᠨ ᠤᠯᠠᠷᠢᠯ ᠤᠨ ᠲᠦᠷᠪᠡᠨ ᠰᠠᠷ᠎ᠠ᠂ ᠲᠠᠪᠤᠨ ᠰᠠᠷ᠎ᠠ᠂ ᠵᠢᠷᠭᠤᠭᠠᠨ ᠰᠠᠷ᠎ᠠ᠂ ᠲᠤᠯᠤᠭᠠᠨ ᠰᠠᠷ᠎ᠠ᠂ ᠨᠡᠢᠮᠡᠨ ᠰᠠᠷ᠎ᠠ ᠶᠢᠨ ᠲᠤᠳᠤᠷ᠎ᠡ ᠤᠪᠤᠭ᠎ᠠ ᠲᠡᠬᠢᠵᠦ᠂ ᠨᠡᠶᠢᠷ ᠬᠢᠳᠡᠭ ᠪᠤᠯᠪᠠᠴᠦ ᠤᠪᠤᠭ᠎ᠠ ᠲᠡᠬᠢᠵᠦ ᠨᠡᠶᠢᠷ ᠬᠢᠬᠦ ᠭᠤᠤᠯ ᠴᠠᠭ ᠨᠢ ᠲᠠᠪᠤᠨ ᠰᠠᠷ᠎ᠠ ᠠᠴᠠ ᠲᠤᠯᠤᠭᠠᠨ ᠰᠠᠷ᠎ᠠ ᠶᠢᠨ ᠬᠤᠭᠤᠷᠤᠨᠳᠤ ᠶᠤᠮ᠃ ᠡᠨᠡ ᠨᠢ ᠮᠠᠯ ᠲᠠᠷᠭᠤᠯᠠᠵᠦ᠂ ᠴᠠᠭᠠᠨ ᠢᠳᠡᠭᠡ ᠲᠡᠯᠬᠡᠷᠡᠭᠰᠡᠨ᠂ ᠦᠶᠦᠭ ᠴᠢᠯᠦᠬᠡᠳᠡᠢ ᠴᠠᠭ ᠢ ᠠᠰᠢᠭᠯᠠᠭᠰᠠᠨ ᠢᠶᠠᠷ ᠪᠠᠷᠠᠬᠤ ᠦᠬᠡᠢ ᠤᠪᠤᠭ᠎ᠠ ᠲᠡᠬᠢᠯᠭ᠎ᠠ ᠳᠤ ᠮᠤᠷᠢ ᠤᠶᠠᠬᠤ ᠲᠤᠬᠢᠷᠠᠮᠵᠳᠠᠢ ᠴᠠᠭ ᠢ ᠴᠦ ᠬᠠᠷᠠᠭᠠᠯᠵᠠᠭᠰᠠᠨ ᠳᠤ ᠪᠠᠶᠢᠭ᠎ᠠ ᠶᠤᠮ᠃ ᠤᠪᠤᠭ᠎ᠠ ᠲᠠᠬᠢᠬᠤ ᠡᠳᠤᠷ ᠤᠨ ᠬᠤᠪᠢ ᠳᠤ ᠠᠪᠴᠦ ᠭᠡᠯᠡᠪᠡᠯ ᠭᠠᠵᠡᠷ ᠭᠠᠵᠡᠷ ᠠᠳᠠᠯᠢ ᠦᠬᠡᠢ᠃ ᠬᠤᠰᠢᠭᠤ ᠪᠠᠶᠠᠨ ᠤᠪᠤᠭ᠎ᠠ ᠶᠢ ᠪᠢᠯᠢᠭ ᠤᠨ ᠤᠯᠠᠷᠢᠯ ᠤᠨ 5 ᠳ᠋ᠤᠭᠠᠷ ᠰᠠᠷ᠎ᠠ ᠶᠢᠨ 13 ᠤ ᠡᠳᠤᠷ ᠲᠠᠬᠢᠳᠠᠭ᠃ ᠤᠪᠤᠭ᠎ᠠ ᠲᠠᠬᠢᠬᠤ ᠠᠵᠢᠯᠯᠠᠭ᠎ᠠ ᠨᠢ ᠤᠤᠯ ᠳᠠᠭᠠᠨ ᠴᠤᠯ ᠱᠠᠰᠢᠨ ᠰᠢᠳᠤᠯᠬᠡ ᠶᠢᠨ ᠴᠢᠨᠡᠷᠳᠡᠢ ᠪᠠᠶᠢᠭᠰᠠᠨ ᠪᠤᠯ ᠬᠤᠵᠢᠮ ᠨᠢ ᠨᠡᠶᠢᠷ ᠨᠠᠭᠠᠳᠤᠮ ᠤᠨ ᠠᠭᠤᠯᠭ᠎ᠠ ᠨᠡᠮᠡᠭᠳᠡᠭᠰᠡᠨ ᠠᠴᠠ ᠤᠪᠤᠭᠠᠨ ᠲᠡᠬᠢᠯᠭ᠎ᠠ ᠨᠢ ᠦᠢ ᠤᠯᠠᠨ ᠤ ᠬᠤᠷᠠᠨ ᠴᠤᠭᠯᠠᠵᠦ᠂ ᠡᠷ᠎ᠡ  ᠶᠢᠨ ᠴᠢᠳᠠᠯ᠂ ᠮᠤᠷᠢᠨ ᠤ ᠬᠤᠷᠳᠤᠨ᠂ ᠬᠠᠷᠪᠤᠭᠠᠴᠢ ᠶᠢᠨ ᠮᠡᠷᠭᠡᠨ ᠢ ᠰᠤᠨᠢᠷᠬᠠᠨ ᠪᠠᠭ᠋ᠠᠳᠤᠵᠦ᠂ ᠪᠠᠶᠠᠰᠤᠨ ᠬᠦᠭᠡᠷᠤᠯᠳᠤᠬᠦ ᠰᠠᠶᠢᠬᠠᠨ ᠲᠤᠬᠢᠶᠠᠯ ᠪᠤᠯᠤᠭᠰᠠᠨ ᠪᠠᠶᠢᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号