ᠵᠢᠯ ᠴᠠᠭᠠᠨ ᠰᠠᠷ᠎ᠠ  ᠲᠠᠬᠢᠯᠭ᠎ᠠ ᠶᠢᠨ ᠶᠤᠰᠤᠯᠠᠯ
ᠨᠡᠶᠢᠲᠡᠯᠡᠭᠰᠡᠨ ᠴᠠᠭ᠄
2017/6/21
       ᠭᠠᠯ ᠲᠠᠬᠢᠬᠤ᠄ ᠰᠦᠨᠢᠳ ᠲᠤ ᠭᠠᠯ ᠢ ᠶᠡᠭᠡ ᠡᠷᠬᠢᠮᠯᠡᠨ ᠬᠦᠨᠳᠤᠳᠬᠡᠵᠦ᠂ ᠦᠬᠡᠳᠡᠯᠡᠨ ᠮᠠᠨᠳᠤᠵᠦ ᠦᠷᠨᠢᠨ ᠲᠡᠭᠵᠢᠷᠡᠬᠦ ᠶᠢᠨ ᠪᠡᠯᠭᠡᠳᠡᠯ ᠪᠤᠯᠭᠠᠨ ᠦᠵᠡᠳᠡᠭ᠃ ᠬᠦᠭᠡᠭᠡ ᠰᠠᠷ᠎ᠠ ᠶᠢᠨ ᠬᠤᠷᠢᠨ ᠭᠤᠷᠪᠡᠨ ᠤ ᠤᠷᠤᠢ ᠤᠳᠤ ᠪᠦᠷᠢᠨ ᠲᠦᠬᠡᠭᠰᠡᠨ ᠤ ᠲᠠᠷᠠᠭ᠎ᠠ᠂ ᠰᠢᠨ᠎ᠡ ᠴᠠᠢ ᠴᠢᠨᠡᠵᠦ᠂ ᠭᠠᠯ ᠲᠡᠬᠢᠬᠤ ᠳᠤ ᠪᠡᠯᠡᠳᠭᠡᠭᠰᠡᠨ ᠠᠷᠴᠡ᠂ ᠽᠠᠨᠳᠠᠨ᠂ ᠬᠤᠨᠢᠨ ᠤ ᠡᠪᠴᠢᠬᠦᠦ ᠪᠠᠷ ᠲᠠᠯᠠᠯᠭ᠎ᠠ ᠠᠪᠴᠦ᠂ ᠲᠡᠬᠦᠨ ᠤ ᠪᠠᠨ ᠲᠡᠭᠡᠷ᠎ᠡ ᠰᠢᠷ᠎ᠡ ᠲᠤᠰᠤ᠂ ᠦᠷᠦᠮ᠎ᠡ᠂ ᠬᠤᠷᠤᠳ᠂ ᠰᠢᠷ᠎ᠡ ᠪᠤᠳᠠᠭ᠎ᠠ᠂ ᠴᠠᠢ᠂ ᠬᠠᠯᠢᠮᠠᠭ ᠬᠢᠯᠭᠠᠨ᠎ᠠ᠂ ᠤᠯᠠᠭᠠᠨ ᠴᠢᠪᠠᠭ᠎ᠠ᠂ ᠪᠤᠤᠪᠤ᠂ ᠦᠩᠭᠡ ᠦᠩᠭᠡ ᠶᠢᠨ ᠲᠤᠷᠭ᠎ᠠ ᠲᠤᠷᠳᠤᠩ  ᠤᠨ ᠦᠭᠡᠳᠡᠰᠤ ᠪᠠᠷ ᠵᠠᠰᠠᠵᠦ ᠴᠢᠮᠡᠭᠰᠡᠨ ᠡᠪᠴᠢᠬᠦᠦ ᠪᠠᠨ ᠭᠠᠯ ᠳᠠᠭᠠᠨ ᠡᠷᠬᠦᠵᠦ᠂ ᠪᠦᠬᠦᠳᠡᠭᠡᠷ ᠢᠶᠠᠨ ᠰᠦᠬᠦᠳᠴᠦ ᠭᠠᠯ ᠳᠠᠭᠠᠨ ᠭᠤᠷᠪᠠᠨᠳᠡ ᠮᠦᠷᠬᠦᠵᠦ᠂ ᠲᠠᠷᠠᠭ᠎ᠠ ᠨᠢ ᠭᠠᠯ ᠤᠨ ᠢᠷᠦᠬᠡᠯ ᠤᠩᠰᠢᠵᠦ᠂ ᠰᠠᠶᠢᠨ ᠰᠠᠶᠢᠬᠠᠨ ᠪᠦᠬᠦᠨ  ᠢᠶᠠᠨ ᠲᠠᠭᠠᠳᠬᠠᠳᠠᠭ᠃        ᠪᠢᠳᠡᠬᠦᠯᠡᠬᠦ ᠶᠤᠰᠤ᠄ ᠪᠢᠯᠢᠭ ᠤᠨ ᠤᠯᠠᠷᠢᠯ ᠤᠨ ᠬᠦᠭᠡᠭᠡ ᠰᠠᠷ᠎ᠠ ᠶᠢᠨ ᠬᠠᠮᠤᠭ ᠰᠡᠬᠦᠯᠴᠢ ᠶᠢᠨ ᠡᠳᠤᠷ ᠪᠤᠯ ᠮᠤᠩᠭᠤᠯ ᠬᠦᠮᠦᠨ ᠤ ᠭᠡᠯᠡᠳᠡᠭ ᠪᠢᠳᠡᠬᠦᠨ ᠤ ᠡᠳᠤᠷ ᠶᠤᠮ᠂ ᠦᠬᠡᠷ᠎ᠡ ᠪᠠᠷ ᠭᠡᠯᠡᠪᠡᠯ᠂ ᠬᠠᠭᠤᠴᠢᠨ ᠵᠢᠯ ᠢᠶᠠᠨ ᠦᠳᠡᠵᠦ ᠰᠢᠨ᠎ᠡ ᠵᠢᠯ ᠴᠠᠭᠠᠨ ᠰᠠᠷ᠎ᠠ ᠪᠠᠨ ᠤᠭᠳᠤᠬᠤ ᠡᠳᠤᠷ ᠪᠤᠯᠤᠨ᠎ᠠ᠃ ᠪᠢᠳᠡᠬᠦᠨ ᠤ ᠡᠳᠤᠷ ᠶᠡᠷᠦᠳᠡᠭᠡᠨ ᠪᠦᠬᠦᠯᠢ ᠬᠤᠨᠢᠨ ᠤ ᠮᠢᠬ᠎ᠠ ᠶᠢ ᠲᠡᠪᠰᠢ ᠳᠤ ᠭᠡᠪᠳᠡᠭᠡ ᠬᠤᠨᠢᠨ ᠤ ᠶᠠᠩᠵᠦ ᠪᠠᠷ ᠪᠠᠶᠢᠷᠢᠯᠠᠭᠤᠯᠤᠨ ᠵᠠᠰᠠᠵᠦ᠂ ᠲᠡᠭᠡᠷ᠎ᠡ ᠨᠢ ᠰᠢᠷ᠎ᠡ ᠲᠤᠰᠤ ᠲᠠᠯᠪᠢᠵᠦ ᠪᠢᠳᠡᠭᠦᠨ ᠤ ᠢᠳᠡᠭᠡ ᠵᠠᠰᠠᠳᠠᠭ᠃ ᠡᠬᠦᠨ ᠤ ᠬᠠᠮᠳᠤ ᠪᠤᠤᠪᠤ᠂ ᠬᠤᠷᠤᠳ᠂ ᠡᠭᠡᠵᠡᠬᠡᠢ᠂ ᠴᠠᠭᠠᠨ ᠲᠤᠰᠤ᠂ ᠴᠢᠪᠠᠭ᠎ᠠ᠂ ᠰᠢᠬᠢᠷ ᠵᠡᠷᠭᠡ ᠶᠢ ᠫᠢᠯᠡ ᠰᠡᠪᠡᠨ ᠳᠤ ᠬᠢᠵᠦ ᠲᠠᠭᠠᠯᠳᠤᠭᠤᠯᠤᠨ ᠲᠠᠯᠪᠢᠳᠠᠭ᠃ ᠤᠷᠤᠢ ᠮᠠᠯ ᠬᠤᠢ  ᠪᠠᠨ ᠬᠤᠳᠠᠯᠠᠵᠦ ᠪᠠᠷᠠᠭᠰᠠᠨ ᠤ ᠰᠡᠬᠦᠯᠡᠷ ᠪᠦᠬᠦ ᠬᠡᠷ ᠤᠨ ᠬᠦᠮᠦᠰ ᠭᠡᠷ ᠲᠡᠭᠡᠨ ᠪᠢᠳᠡᠬᠦᠯᠡᠵᠦ ᠪᠢᠳᠡᠬᠦᠨ ᠤ ᠢᠳᠡᠭᠡ ᠠᠮᠰᠠᠵᠦ᠂ ᠭᠡᠤᠭᠡᠳ ᠲᠡᠬᠦᠦ ᠨᠡᠷ ᠨᠢ ᠠᠬᠠᠮᠠᠳ ᠨᠠᠰᠤᠳᠠᠨ ᠳᠠᠭᠠᠨ ᠠᠷᠢᠬᠢ ᠪᠠᠷᠢᠵᠦ ᠬᠠᠮᠳᠤ ᠪᠠᠷ ᠪᠢᠳᠡᠬᠦᠨ ᠤ ᠬᠤᠭᠤᠯᠠ ᠢᠳᠡᠳᠡᠭ᠃            ᠴᠠᠭᠠᠨ ᠰᠠᠷ᠎ᠠ᠄ ᠮᠤᠩᠭᠤᠯᠴᠤᠳ ᠴᠠᠭᠠᠨ ᠦᠩᠭᠡ ᠶᠢ ᠠᠷᠢᠭᠤᠨ ᠴᠠᠪᠡᠷ᠂ ᠦᠯᠵᠡᠢ ᠪᠡᠯᠭᠡ ᠲᠠᠢ ᠦᠩᠭᠡ  ᠪᠠᠷ ᠦᠵᠡᠳᠡᠭ᠃ ᠰᠢᠨ᠎ᠡ ᠶᠢᠨ ᠨᠢᠬᠡᠨ ᠤ ᠦᠷᠯᠦᠬᠡ ᠡᠷᠳᠡ ᠪᠤᠰᠴᠦ᠂ ᠴᠠᠢ ᠪᠠᠨ ᠴᠢᠨᠡᠵᠦ᠂ ᠪᠤᠤᠽᠢ ᠪᠠᠩᠰᠢ ᠪᠠᠨ ᠵᠢᠩᠨᠡᠵᠦ ᠰᠢᠨ᠎ᠡ ᠶᠢᠨ ᠬᠤᠭᠤᠯᠠ ᠪᠠᠨ ᠪᠡᠯᠡᠳᠭᠡᠨ᠎ᠡ᠃ ᠰᠢᠨ᠎ᠡ ᠶᠢᠨ ᠬᠤᠪᠴᠠᠰᠤ ᠪᠠᠨ ᠡᠮᠤᠰᠴᠦ᠂ ᠦᠷ ᠤᠨ ᠴᠤᠯᠮᠤᠨ ᠠᠴᠠ ᠬᠤᠶᠢᠰᠢ ᠨᠡᠷᠡᠨ ᠵᠦᠭ ᠲᠤ ᠬᠠᠨᠳᠤᠵᠦ ᠪᠦᠬᠦ ᠭᠡᠷ ᠤᠨ ᠬᠦᠮᠦᠰ ᠲᠡᠭᠷᠢ ᠳᠤ ᠮᠦᠷᠬᠦᠵᠦ᠂ ᠠᠬᠠᠮᠠᠳ  ᠨᠢ ᠢᠷᠡᠬᠦ ᠵᠢᠯ ᠳᠤ ᠪᠤᠷᠤᠭᠠᠨ ᠬᠤᠷ᠎ᠠ ᠲᠡᠭᠰᠢ᠂ ᠬᠦᠮᠦᠨ ᠠᠷᠠᠳ ᠡᠷᠡᠬᠦᠯ ᠴᠢᠬᠢᠷᠠᠭ᠂ ᠮᠡᠯ ᠬᠠᠷ᠎ᠠ ᠦᠨᠢᠷ ᠦᠰᠦᠯᠳᠡ ᠲᠠᠢ ᠪᠠᠶᠢᠬᠤ ᠶᠢ ᠪᠠᠨ ᠲᠠᠭᠠᠳᠬᠠᠨ᠎ᠠ᠃ ᠢᠩᠬᠢᠬᠡᠳ ᠲᠠᠭᠠᠳᠬᠠᠵᠦ ᠪᠠᠷᠠᠭᠰᠠᠨ ᠤ ᠰᠡᠬᠦᠯᠡᠷ ᠬᠡᠤᠭᠡᠳ  ᠤᠳ ᠨᠢ ᠠᠪᠤ ᠡᠵᠢ ᠠᠬᠠᠮᠠᠳ ᠨᠠᠰᠤᠳᠠᠨ ᠳᠠᠭᠠᠨ ᠮᠦᠷᠬᠦᠨ ᠵᠤᠯᠭᠠᠵᠦ ᠰᠢᠨᠡᠯᠡᠳᠡᠭ ᠪᠠᠶᠢᠨ᠎ᠡ᠃ ᠭᠡᠪᠡᠴᠦ ᠡᠷ᠎ᠡ ᠡᠮ᠎ᠡ ᠬᠤᠭᠤᠷᠤᠨᠳᠤ ᠪᠠᠨ ᠰᠢᠨᠡᠯᠡᠬᠦ ᠦᠬᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号