ᠰᠦᠨᠢᠳ ᠨᠤᠳᠤᠬ ᠤᠨ ᠤᠯᠠᠮᠵᠢᠯᠠᠯᠲᠦ ᠴᠠᠭᠠᠨ ᠢᠳᠡᠬᠡᠨ ᠲᠠᠢ ᠲᠠᠨᠢᠯᠴᠠᠬᠤᠢ
ᠨᠡᠶᠢᠲᠡᠯᠡᠭᠰᠡᠨ ᠴᠠᠭ᠄
2019/10/15
   ᠰᠦᠨᠢᠳᠴᠤᠤᠯ ᠡᠷᠳᠡ ᠳᠡᠭᠡᠳᠤ ᠠᠴᠠ ᠪᠠᠨ ᠲᠠᠪᠤᠨ ᠬᠤᠰᠢᠭᠤ ᠮᠠᠯ ᠤᠨ ᠢᠶᠠᠨ ᠳᠡᠭᠦᠯᠳᠡᠷ ᠰᠢᠮᠠᠳᠤ ᠰᠦ ᠰᠠᠭᠠᠯᠢ ᠶᠢ ᠤᠯᠠᠨ ᠲᠦᠷᠦᠯ ᠢᠶᠠᠷ ᠪᠤᠯᠪᠠᠰᠤᠷᠠᠭᠤᠯᠤᠨ᠂ ᠢᠳᠡᠵᠤ ᠤᠤᠭᠤᠭᠰᠠᠭᠠᠷ ᠢᠷᠡᠭᠰᠡᠨ ᠪᠢᠯᠡ᠃ ᠲᠡᠳᠡᠨ ᠤ ᠴᠠᠭᠠᠨ ᠢᠳᠡᠭᠡᠨ ᠤ ᠪᠤᠯᠪᠠᠰᠤᠷᠠᠭᠤᠯᠤᠯᠳᠠ᠂ ᠠᠰᠢᠭᠯᠠᠯᠳᠠ ᠨᠢ ᠨᠠᠶᠢᠳᠠ ᠮᠤᠩᠭᠤᠯᠴᠤᠳ ᠤᠨ ᠬᠢ ᠲᠠᠢ ᠦᠨᠳᠦᠰᠦᠨ ᠳᠡᠭᠡᠨ ᠢᠯᠭᠠᠭ᠎ᠠ ᠦᠭᠡᠢ ᠪᠤᠯᠪᠠᠴᠤ ᠨᠤᠳᠤᠭ ᠤᠷᠤᠨ ᠤ ᠤᠨᠴᠠᠯᠢᠭ ᠪᠠ ᠠᠭᠤᠷ ᠠᠮᠢᠰᠬᠤᠯ᠂ ᠡᠪᠡᠰᠤ ᠤᠷᠭᠤᠮᠠᠯ ᠤᠨ ᠰᠢᠯᠳᠠᠭᠠᠨ ᠠᠴᠠ ᠪᠤᠯᠵᠤ᠂ ᠵᠠᠷᠢᠮ ᠴᠠᠭᠠᠨ ᠢᠳᠡᠭᠡᠨ ᠤ ᠪᠦᠳᠦᠭᠡᠭᠳᠡᠬᠦᠨ ᠤ ᠠᠮᠳᠠ ᠰᠢᠮᠳᠠ᠂ ᠨᠠᠷᠠᠶᠢᠳᠤᠯ ᠪᠠ ᠬᠢᠬᠦ ᠠᠷᠭ᠎ᠠ ᠳᠡᠭᠡᠷ᠎ᠠ ᠢᠯᠭᠠᠭ᠎ᠠ ᠲᠠᠢ ᠪᠠᠶᠢᠳᠠᠭ᠃ ᠰᠦᠨᠢᠳ ᠪᠠᠷᠠᠭᠤᠨ ᠬᠤᠰᠢᠭᠤᠨ ᠤ ᠰᠠᠶᠢᠬᠠᠬᠤᠢᠯᠵᠠᠢ ᠰᠤᠮᠤ ᠶᠢᠨ ᠨᠤᠭᠤᠭᠠᠨᠳᠠᠯ ᠎ᠠ ᠭᠠᠴᠠᠭᠠᠨ ᠤ ᠮᠠᠯᠴᠢᠨ ᠪᠦᠰᠡᠬᠦᠢ ᠤᠶᠤᠳᠠᠢ ᠪᠤᠯ ᠰᠠᠭᠠᠯᠢ ᠰᠦᠨ ᠤ ᠠᠵᠢᠯ ᠳᠤ ᠴᠠᠭᠠᠷᠠᠭᠰᠠᠨ ᠠᠵᠢᠯᠴᠢ ᠬᠦᠮᠦᠨ ᠪᠢᠯᠡ᠃ ᠲᠠᠶᠢᠨᠬᠦ ᠡᠨᠡ ᠴᠠᠭ ᠤᠨ ᠰᠦᠨᠢᠳ ᠪᠦᠰᠡᠬᠦ᠋ᠢᠴᠤᠳ ᠤᠨ ᠲᠦᠯᠦᠭᠡᠯᠡᠯ ᠪᠤᠯᠤᠭᠰᠠᠨ ᠤᠶᠤᠳᠠᠢ ᠶᠢᠨ ᠰᠠᠭᠠᠯᠢ ᠰᠦᠨ ᠤ ᠠᠵᠢᠯ ᠪᠤᠯᠤᠨ ᠲᠡᠭᠦᠨ ᠤ ᠪᠤᠯᠪᠠᠰᠤᠷᠠᠭᠤᠯᠤᠭᠰᠠᠨ ᠡᠯ ᠎ᠠ ᠲᠦᠷᠦᠯ ᠤᠨ ᠴᠠᠭᠠᠨ ᠢᠳᠡᠭᠡᠨ ᠢ ᠲᠦᠷᠦᠯ ᠠᠩᠬᠢᠯᠡᠨ ᠲᠠᠨᠢᠯᠴᠠᠭᠤᠯᠤᠶ᠎ᠠ᠃                               ᠰᠠᠭᠠᠯᠢ ᠠᠪᠬᠤ    ᠰᠦᠨᠢᠳᠴᠤᠤᠯ ᠦᠨᠢ ᠡᠷᠳᠡᠨ ᠠᠴᠠ ᠲᠠᠪᠤᠨ ᠬᠤᠰᠢᠭᠤ ᠮᠠᠯ ᠤᠨ ᠢᠶᠠᠨ ᠰᠠᠭᠠᠯᠢ ᠶᠢ ᠠᠪᠴᠤ ᠠᠮᠢᠳᠤᠷᠠᠭᠰᠠᠭᠠᠷ ᠢᠷᠡᠭᠰᠡᠨ ᠪᠢᠯᠡ᠃ ᠬᠤᠨᠢ ᠢᠮᠠᠭ᠎ᠠ ᠪᠠᠨ ᠬᠤᠯᠪᠤᠨ᠂ ᠠᠷᠤ ᠠᠴᠠ ᠨᠢ ᠨᠢᠭᠡ ᠭᠠᠷ ᠢᠶᠠᠷ ᠢᠶᠠᠨ ᠳᠡᠯᠡᠩᠳᠡᠵᠤ ᠪᠠᠶᠢᠭᠠᠳ ᠰᠠᠭᠠᠨ᠎ᠠ᠂ ᠢᠪᠢᠯᠬᠦ ᠨᠢ ᠪᠠᠷᠤᠭᠳᠠᠢ ᠪᠤᠯ ᠳᠡᠯᠡᠩ ᠢ ᠨᠢ ᠳᠠᠰᠢᠳᠠᠭ᠃ ᠦᠨᠢᠶ᠎ᠠ ᠰᠠᠭᠠᠬᠤ ᠳᠤ ᠤᠷᠢᠳᠡᠪᠡᠷ ᠲᠤᠭᠤᠯ ᠢ ᠨᠢ ᠬᠦᠬᠦᠬᠦᠯᠵᠤ᠂ ᠡᠬᠡ ᠨᠢ ᠬᠦᠢᠴᠡᠳ ᠢᠪᠢᠯᠪᠠᠯ ᠲᠤᠭᠤᠯ ᠢᠶᠠᠨ ᠳᠠᠳᠠᠴᠢᠬᠠᠭᠠᠳ ᠪᠤᠷᠤᠭᠤ ᠲᠠᠯ ᠎ᠠ ᠳᠤᠨᠢ ᠰᠠᠭᠤᠵᠤ ᠰᠠᠭᠠᠨ᠎ᠠ᠃ ᠰᠠᠭᠤᠬᠤ ᠳᠠᠭᠠᠨ ᠪᠠᠷᠠᠭᠤᠨ ᠡᠪᠦᠳᠦᠭ ᠢᠶᠠᠷ ᠢᠶᠠᠨ ᠴᠤᠮᠴᠦ᠋ᠢᠵᠤ᠂ ᠨᠤᠭᠤᠯᠤᠭᠰᠠᠨ ᠬᠦᠯ ᠳᠡᠭᠡᠷ᠎ᠠ ᠪᠠᠨ ᠰᠠᠭᠤᠯᠠᠭ᠎ᠠ ᠪᠠᠨ ᠳᠠᠯᠪᠢᠵᠤ᠂ ᠬᠤᠶᠠᠷ ᠭᠠᠷ ᠢᠶᠠᠷ ᠢᠶᠠᠨ ᠰᠠᠭᠠᠨ᠎ᠠ᠃ ᠢᠡᠭᠬᠡ ᠰᠠᠭᠠᠬᠤ ᠳᠠᠭᠠᠨ ᠪᠤᠳᠤᠭᠤ ᠶᠢ ᠨᠢ ᠬᠦᠬᠦᠬᠦᠯᠵᠤ ᠢᠪᠢᠯᠭᠡᠬᠦ ᠪᠤᠶᠤ ᠪᠤᠳᠤᠭᠤ ᠶᠢ ᠨᠢ ᠦᠨᠤᠷᠳᠦᠬᠦᠯᠵᠤ ᠢᠪᠢᠯᠭᠡᠳᠡᠭ᠃ ᠵᠦᠪ ᠲᠠᠯ ᠎ᠠ ᠳᠤᠨᠢ ᠵᠤᠭᠰᠤᠵᠤ ᠰᠠᠭᠠᠨ᠎ᠠ᠂ ᠪᠠᠷᠠᠭᠤᠨ ᠡᠪᠦᠳᠦᠭ ᠳᠡᠭᠡᠷ᠎ᠠ ᠪᠠᠨ ᠵᠡᠭᠦᠨ ᠬᠦᠯ ᠢᠶᠠᠨ ᠤᠨᠤᠭᠤᠯᠴᠢᠬᠠᠭᠠᠳ ᠳᠡᠭᠡᠷ᠎ᠠ ᠨᠢ ᠰᠠᠭᠤᠯᠠᠭ᠎ᠠ ᠪᠠᠨ ᠳᠠᠯᠪᠢᠵᠤ ᠰᠠᠭᠠᠳᠠᠭ᠃ ᠭᠡᠬᠦᠤ ᠰᠠᠭᠠᠬᠤ ᠳᠤ ᠮᠦᠨ ᠵᠦᠪ ᠲᠠᠯ ᠎ᠠ ᠳᠤᠨᠢ ᠵᠤᠭᠰᠤᠵᠤ ᠪᠤᠶᠤ ᠲᠤᠳᠠᠭᠤ ᠰᠠᠭᠤᠭ᠎ᠠ ᠪᠠᠷ ᠭᠤᠶ᠎ᠠ ᠶᠢ ᠨᠢ ᠳᠠᠪᠠᠷᠢᠵᠤ ᠰᠠᠭᠠᠬᠤ ᠳᠠᠭᠠᠨ ᠵᠡᠭᠦᠨ ᠭᠠᠷ ᠲᠠᠭᠠᠨ ᠰᠠᠭᠤᠯᠠᠭ᠎ᠠ ᠪᠠᠨ ᠲᠤᠬᠤᠢᠢᠯᠠᠵᠤ᠂ ᠬᠤᠶᠠᠷ ᠭᠠᠷ ᠢᠶᠠᠷ ᠢᠶᠠᠨ ᠰᠠᠭᠠᠨ᠎ᠠ᠃                               ᠰᠦ    ᠰᠦ ᠶᠢ ᠮᠦᠨ ᠤᠯᠠᠨ ᠲᠦᠷᠦᠯ ᠠᠩᠬᠢᠯᠠᠳᠠᠭ᠃ ᠤᠭᠤᠷᠠᠭ ᠰᠦ᠂ ᠲᠦᠭᠦᠭᠡᠢ ᠰᠦ᠂ ᠪᠤᠯᠤᠭᠰᠠᠨ ᠰᠦ᠂ ᠡᠭᠡᠳᠡᠭᠰᠡᠨ ᠰᠦ᠂ ᠰᠢᠷ᠎ᠠ ᠰᠦ ᠭᠡᠬᠦᠴᠢᠯᠡᠨ ᠢᠯᠭᠠᠳᠠᠭ᠃ ᠰᠠᠶ᠋ᠢ ᠲᠦᠯᠯᠡᠭᠰᠡᠨ ᠮᠠᠯ ᠤᠨ ᠰᠢᠷᠠᠪᠳᠤᠷ ᠦᠩᠭᠡ ᠶᠢᠨ ᠦᠳᠭᠡᠨ ᠰᠦ ᠶᠢ ᠤᠭᠤᠷᠠᠭ ᠰᠦ ᠭᠡᠳᠡᠭ᠃ ᠤᠭᠤᠷᠠᠭ ᠨᠢ ᠵᠠᠯᠭᠠᠵᠤ ᠵᠢᠯᠢᠪ ᠰᠦ ᠪᠤᠯᠵᠤ᠂ ᠭᠤᠷᠪᠠ ᠲᠦᠷᠪᠠᠨ ᠬᠤᠨᠤᠭ ᠤᠨ ᠳᠠᠷᠠᠭ᠎ᠠ ᠡᠩ ᠤᠨ ᠰᠦ ᠪᠤᠯᠳᠠᠭ᠃ ᠰᠢᠭᠤᠳ ᠰᠠᠭᠠᠵᠤ ᠠᠪᠴᠢᠷᠠᠭᠰᠠᠨ ᠰᠦ ᠪᠠᠨ ᠲᠦᠭᠦᠭᠡᠢ ᠰᠦ ᠭᠡᠳᠡᠭ᠃ ᠲᠡᠭᠦᠨ ᠢᠶᠠᠨ ᠬᠠᠯᠠᠭᠠᠵᠤ ᠪᠤᠴᠠᠯᠭᠠᠬᠤ᠂ ᠢᠰᠭᠡᠵᠤ ᠡᠭᠡᠳᠡᠬᠦᠯᠵᠤ ᠤᠯᠠᠨ ᠵᠦᠢᠯ ᠤᠨ ᠴᠠᠭᠠᠨ ᠢᠳᠡᠭᠡᠨ ᠪᠤᠯᠪᠠᠰᠤᠷᠠᠭᠤᠯᠳᠠᠭ᠃ ᠲᠦᠭᠦᠭᠡᠢ ᠰᠦ ᠪᠠᠨ ᠬᠠᠯᠠᠭᠠᠵᠤ ᠬᠦᠭᠡᠷᠦᠬᠦᠯᠪᠠᠯ ᠦᠷᠤᠮ᠎ᠠ ᠰᠠᠭᠤᠳᠠᠭ᠂ ᠦᠷᠦᠮ᠎ᠠ ᠶᠢᠨ ᠲᠤᠤᠷᠠᠬᠢ ᠶᠢ ᠪᠤᠯᠤᠭᠰᠠᠨ ᠰᠦ ᠭᠡᠳᠡᠭ᠃ ᠬᠠᠷᠢᠨ ᠲᠡᠭᠷᠢ ᠳᠤ ᠰᠠᠴᠤᠯᠢ ᠡᠷᠬᠦᠬᠦ ᠳᠤ ᠰᠠᠶ᠋ᠢᠬᠠᠨ ᠰᠠᠭᠠᠭᠰᠠᠨ ᠰᠦ ᠶᠢ ᠡᠷᠬᠦᠳᠡᠭ᠃                               ᠰᠦᠨ ᠤᠮᠳᠠᠭᠠᠨ    ᠳᠠᠷᠠᠭ᠂ ᠠᠶᠢᠷᠠᠭ᠂ ᠬᠤᠭᠤᠷᠮᠠᠭ᠂ ᠴᠠᠭ᠎ᠠ᠂ ᠴᠡᠭᠡ ᠵᠡᠷᠬᠡ ᠪᠤᠯ ᠰᠦ ᠰᠠᠭᠠᠯᠢ ᠶᠢᠨ ᠤᠮᠳᠠᠭᠠᠨ ᠪᠤᠯᠤᠨ᠎ᠠ᠃ ᠪᠠᠭ᠎ᠠ ᠰᠢᠭ᠋ ᠸᠠᠭᠠᠷ ᠰᠠᠪᠠᠨ ᠳᠤ ᠰᠦ ᠬᠢᠵᠤ᠂ ᠲᠤᠰᠬᠠᠢ ᠮᠤᠳᠤ ᠪᠠᠷ ᠬᠤᠳᠬᠤᠵᠤ ᠢᠰᠭᠡᠳᠡᠭ᠃ ᠲᠦᠭᠦᠭᠡᠢ ᠪᠤᠶᠤ ᠪᠤᠯᠤᠭᠰᠠᠨ ᠰᠦ ᠪᠠᠷ ᠪᠦᠷ ᠲᠠᠷᠠᠭ ᠬᠢᠵᠤ ᠪᠤᠯᠳᠠᠭ᠃ ᠠᠶᠢᠷᠠᠭ ᠢ ᠬᠦᠷᠦᠩᠭᠡᠯᠡᠬᠦ ᠳᠡᠭᠡᠨ ᠦᠪᠡᠷ ᠢᠶᠠᠨ ᠢᠰᠭᠡᠵᠤ ᠡᠬᠢᠯᠡᠬᠦᠯᠬᠦ ᠪᠤᠶᠤ ᠠᠶᠢᠯ ᠠᠴᠠ ᠡᠬᠢ ᠵᠠᠯᠠᠵᠤ ᠢᠰᠭᠡᠳᠡᠭ᠃ ᠳᠠᠷᠠᠭ᠂ ᠠᠶᠢᠷᠠᠭ ᠪᠤᠶᠤ ᠴᠠᠭ᠎ᠠ ᠶᠢᠨ ᠳᠡᠭᠡᠷ᠎ᠠ ᠪᠤᠯᠤᠭᠰᠠᠨ ᠰᠦ ᠬᠢᠵᠤ ᠬᠤᠳᠬᠤᠪᠠᠯ ᠬᠤᠭᠤᠷᠮᠠᠭ ᠪᠤᠯᠳᠠᠭ᠃ ᠬᠤᠭᠤᠷᠮᠠᠭ ᠢ ᠭᠤᠤᠯᠳᠠᠭᠤ ᠢᠡᠭᠭᠡᠨ ᠰᠦ ᠪᠠᠷ ᠬᠢᠳᠡᠭ ᠃ ᠲᠦᠭᠦᠭᠡᠢ ᠰᠦ᠂ ᠪᠤᠯᠤᠭᠰᠠᠨ ᠰᠦ᠂ ᠬᠤᠷᠤᠳ ᠤᠨ ᠰᠢᠷ᠎ᠠ ᠤᠰᠤ ᠵᠡᠷᠬᠡ ᠪᠠᠨ ᠭᠠᠩ ᠰᠠᠪᠠ ᠪᠤᠶᠤ ᠮᠤᠳᠤᠨ ᠲᠤᠮᠪᠤᠨ ᠳᠤ ᠬᠤᠷᠢᠶᠠᠵᠤ ᠬᠦᠴᠤ ᠤᠷᠤᠪᠠᠯ ᠴᠠᠭ᠎ᠠ ᠪᠤᠯᠳᠠᠭ᠃ ᠴᠡᠭᠡ ᠭᠡᠳᠡᠭ ᠨᠢ ᠭᠡᠬᠦᠤ ᠶᠢᠨ ᠰᠦ ᠪᠠᠷ ᠢᠰᠭᠡᠵᠤ ᠬᠢᠭᠰᠡᠨ ᠢ ᠬᠡᠯᠡᠳᠡᠭ᠃                               ᠢᠳᠡᠭᠡᠨ ᠤ ᠲᠦᠷᠦᠯ    ᠰᠦᠨᠢᠳᠴᠤᠤᠯ ᠲᠠᠪᠤᠨ ᠬᠤᠰᠢᠭᠤ ᠮᠠᠯ ᠤᠨ ᠢᠶᠠᠨ ᠰᠦ ᠰᠠᠭᠠᠯᠢ ᠶᠢ ᠠᠭᠠᠷᠤᠤᠯ᠂ ᠠᠭᠠᠷᠴᠠ᠂ ᠬᠤᠷᠤᠳ᠂ ᠡᠭᠡᠳᠡᠮ᠂ ᠡᠭᠡᠵᠡᠬᠡᠢ᠂ ᠪᠢᠰᠢᠯᠠᠭ᠂ ᠰᠦᠨ ᠬᠤᠷᠤᠳ ᠭᠡᠬᠦᠴᠢᠯᠡᠨ ᠤᠯᠠᠨ ᠲᠦᠷᠦᠯ ᠢᠶᠠᠷ ᠪᠤᠯᠪᠠᠰᠤᠷᠠᠭᠤᠯᠳᠠᠭ᠃ ᠠᠭᠠᠷᠤᠤᠯ ᠪᠠ ᠠᠭᠠᠷᠴᠠᠨ ᠬᠤᠷᠤᠳ ᠬᠢᠬᠦ ᠳᠤ ᠴᠠᠭ᠎ᠠ ᠪᠠᠨ ᠪᠦᠰ ᠤᠭᠤᠳᠠᠨ ᠳᠤ ᠬᠢᠵᠤ᠂ ᠮᠤᠳᠤᠨ ᠬᠠᠪᠳᠠᠰᠤᠨ ᠳᠡᠭᠡᠷ᠎ᠠ ᠴᠢᠯᠠᠭᠤ ᠪᠠᠷ ᠳᠠᠷᠤᠵᠤ᠂ ᠰᠢᠷᠠᠰᠤ ᠶᠢ ᠨᠢ ᠰᠢᠬᠠᠵᠤ ᠦᠳᠭᠡᠷᠡᠪᠡᠯ ᠠᠭᠠᠷᠴᠠ ᠪᠤᠯᠳᠠᠭ᠃ ᠡᠭᠦᠨ ᠳᠤ ᠮᠤᠳᠤᠨ ᠰᠢᠬᠠᠭᠤᠷ ᠲᠤ ᠬᠢᠵᠤ ᠰᠢᠬᠠᠭᠠᠳ ᠬᠠᠳᠠᠭᠠᠵᠤ ᠠᠪᠤᠭᠰᠠᠨ ᠢ ᠠᠭᠠᠷᠤᠤᠯ ᠭᠡᠳᠡᠭ᠃ ᠠᠭᠠᠷᠴᠠ ᠪᠠᠨ ᠭᠡᠷᠴᠢᠵᠤ ᠪᠤᠶᠤ ᠭᠠᠷ ᠢᠶᠠᠷ ᠢᠶᠠᠨ ᠪᠦᠮᠪᠤᠭᠡᠯᠡᠵᠤ ᠬᠠᠳᠠᠭᠠᠭᠰᠠᠨ ᠢ ᠠᠭᠠᠷᠴᠠᠨ ᠬᠤᠷᠤᠳ ᠭᠡᠳᠡᠭ᠃ ᠲᠦᠭᠦᠭᠡᠢ ᠰᠦ᠂ ᠪᠤᠯᠤᠭᠰᠠᠨ ᠰᠦ ᠠᠶᠠᠨᠳᠠᠭᠠᠨ ᠢᠰᠴᠤ ᠡᠭᠡᠳᠡᠭᠰᠡᠨ ᠤ ᠳᠠᠷᠠᠭ᠎ᠠ ᠲᠤᠭᠤᠭᠠᠨ ᠳᠤ ᠬᠢᠵᠤ ᠬᠦᠰᠢᠶᠠᠭᠡᠳ ᠰᠢᠷ᠎ᠠ ᠤᠰᠤ ᠶᠢ ᠨᠢ ᠠᠪᠴᠤ ᠦᠯᠡᠳᠡᠭᠰᠡᠨ ᠢ ᠨᠢ ᠡᠭᠡᠳᠡᠮ ᠭᠡᠳᠡᠭ᠃ ᠡᠭᠡᠳᠡᠭᠰᠡᠨ ᠰᠦ ᠪᠤᠶᠤ ᠪᠤᠯᠤᠭᠰᠠᠨ ᠰᠦ ᠶᠢ ᠲᠤᠭᠤᠭᠠᠨ ᠳᠤ ᠬᠢᠵᠤ ᠬᠠᠯᠠᠭᠠᠭᠠᠳ ᠳᠡᠭᠡᠷ᠎ᠠ ᠨᠢ ᠴᠠᠭ᠎ᠠ ᠪᠤᠶᠤ ᠠᠶᠢᠷᠠᠭ ᠤᠨ ᠢᠰᠭᠡᠯ ᠪᠠᠭ᠎ᠠ ᠬᠢᠵᠤ ᠡᠭᠡᠳᠡᠬᠦᠯᠦᠭᠡᠳ ᠰᠢᠷ᠎ᠠ ᠤᠰᠤᠨ ᠠᠴᠠ ᠨᠢ ᠢᠯᠭᠠᠷᠠᠭᠤᠯᠵᠤ ᠱᠦᠬᠦᠵᠤ ᠠᠪᠤᠭᠠᠳ ᠭᠡᠰᠡᠭᠯᠡᠨ ᠵᠢᠵᠢᠭᠯᠡᠵᠤ ᠬᠠᠳᠠᠭᠠᠭᠰᠠᠨ ᠡᠭᠡᠳᠡᠮ ᠢ ᠡᠭᠡᠵᠡᠭᠡᠢ ᠭᠡᠳᠡᠭ᠃ ᠪᠢᠰᠢᠯᠠᠭ ᠲᠤ ᠪᠤᠯᠤᠭᠰᠠᠨ ᠰᠦᠨ ᠤ ᠪᠢᠰᠢᠯᠠᠭ᠂ ᠲᠦᠭᠦᠭᠡᠢ ᠰᠦᠨ ᠤ ᠪᠢᠰᠢᠯᠠᠭ ᠭᠡᠵᠤ ᠪᠠᠶᠢᠳᠠᠭ᠃ ᠡᠭᠡᠳᠡᠭᠰᠡᠨ ᠰᠦ ᠪᠠᠨ ᠲᠤᠭᠤᠭᠠᠨ ᠳᠤ ᠬᠢᠵᠤ ᠬᠦᠰᠢᠶᠡᠭᠡᠳ ᠰᠢᠷ᠎ᠠ ᠤᠰᠤ ᠶᠢ ᠨᠢ ᠰᠢᠬᠠᠵᠤ ᠠᠪᠤᠭᠰᠠᠨ ᠤ ᠳᠠᠷᠠᠭ᠎ᠠ ᠪᠦᠰ ᠭᠡᠤᠳᠡᠢ ᠳᠤ ᠬᠢᠵᠤ ᠬᠠᠪᠳᠠᠭᠠᠢ ᠴᠢᠯᠠᠭᠤ ᠪᠠᠷ ᠳᠠᠷᠤᠵᠤ ᠬᠡᠪᠰᠢᠬᠦᠯᠦᠨ ᠠᠪᠤᠭᠰᠠᠨ ᠢ ᠪᠢᠰᠢᠯᠠᠭ ᠭᠡᠳᠡᠭ᠃ ᠡᠭᠡᠳᠡᠭᠰᠡᠨ ᠰᠦ ᠪᠠᠨ ᠲᠤᠭᠤᠭᠠᠨ ᠳᠤ ᠬᠢᠵᠤ ᠬᠦᠰᠢᠶᠡᠭᠡᠳ ᠰᠢᠷ᠎ᠠ ᠤᠰᠤ ᠶᠢ ᠨᠢ ᠰᠢᠬᠠᠵᠤ ᠠᠪᠤᠭᠰᠠᠨ ᠤ ᠳᠠᠷᠠᠭ᠎ᠠ ᠨᠤᠬᠤᠭᠠᠳ ᠭᠡᠪ ᠲᠤ ᠬᠢᠵᠤ ᠭᠠᠷᠭᠠᠭᠰᠠᠨ ᠢ ᠰᠦᠨ ᠬᠤᠷᠤᠳ ᠭᠡᠳᠡᠭ᠃                                ᠲᠤᠰᠤᠯᠢᠭ ᠢᠳᠡᠭᠡᠨ    ᠰᠦᠨ ᠠᠴᠠ ᠪᠤᠯᠪᠠᠰᠤᠷᠠᠭᠤᠯᠤᠨ ᠭᠠᠷᠭᠠᠭᠰᠠᠨ ᠲᠤᠰᠤᠯᠢᠭ ᠢᠳᠡᠭᠡᠨ ᠪᠠᠰᠠ ᠤᠯᠠᠨ ᠲᠦᠷᠦᠯ ᠪᠠᠶᠢᠳᠠᠭ᠃ ᠡᠭᠦᠨ ᠳᠤ ᠵᠦᠭᠡᠭᠡᠢ᠂ ᠦᠷᠦᠮ᠎ᠠ᠂ ᠴᠠᠭᠠᠨ ᠲᠤᠰᠤ᠂ ᠰᠢᠷ᠎ᠠ ᠲᠤᠰᠤ᠂ ᠴᠦᠴᠦᠭᠡᠢ ᠪᠠᠶᠢᠳᠠᠭ᠃ ᠡᠭᠡᠳᠡᠭᠰᠡᠨ ᠰᠦᠨ ᠤ ᠳᠡᠭᠡᠷ᠎ᠠ ᠰᠠᠭᠤᠭᠰᠠᠨ ᠬᠤᠷᠤᠭᠤ ᠵᠤᠵᠠᠭᠠᠨ ᠶᠠᠭᠤᠮ᠎ᠠ ᠶᠢ ᠵᠦᠭᠡᠭᠡᠢ ᠭᠡᠳᠡᠭ᠃ ᠲᠦᠭᠦᠭᠡᠢ ᠰᠦ ᠶᠢ ᠰᠢᠷᠠᠮᠤᠨ ᠲᠤᠭᠤᠭᠠᠨ ᠳᠤ ᠬᠠᠯᠠᠭᠠᠵᠤ ᠪᠤᠴᠠᠯᠭᠠᠵᠤ᠂ ᠤᠯᠠᠨᠳᠠ ᠰᠠᠮᠤᠷᠤᠨ ᠬᠦᠭᠡᠰᠦᠷᠡᠬᠦᠯᠵᠤ᠂ ᠲᠤᠭᠤᠭ᠎ᠠ ᠲᠠᠢ ᠰᠦᠨ ᠤ ᠳᠡᠭᠡᠷ᠎ᠠ ᠨᠡᠯᠢᠶᠡᠳ ᠵᠤᠵᠠᠭᠠᠨ ᠡᠳ᠋ ᠴᠤᠬᠤᠷᠯᠠᠨ ᠰᠠᠭᠤᠬᠤ ᠶᠢ ᠦᠷᠦᠮ᠎ᠠ ᠭᠡᠳᠡᠭ᠃ ᠵᠦᠭᠡᠭᠡᠢ ᠪᠤᠯᠤᠨ ᠦᠷᠦᠮ᠎ᠠ ᠶᠢ ᠤᠨᠠᠭᠠᠨ ᠰᠢᠷᠭᠠᠭᠠᠵᠤ ᠢᠯᠭᠠᠷᠠᠭᠤᠯᠤᠨ ᠰᠢᠷ ᠎ᠠ ᠲᠤᠰᠤ ᠭᠠᠷᠭᠠᠵᠤ ᠠᠪᠳᠠᠭ᠃ ᠰᠢᠷ᠎ᠠ ᠲᠤᠰᠤᠨ ᠤ ᠲᠤᠤᠷᠠᠬᠢ ᠦᠯᠡᠳᠡᠪᠤᠷᠢ ᠶᠢ ᠴᠠᠭᠠᠨ ᠲᠤᠰᠤ ᠭᠡᠳᠡᠭ᠃ ᠵᠦᠭᠡᠭᠡᠢ ᠶᠢᠨ ᠰᠢᠷ᠎ᠠ ᠲᠤᠰᠤ ᠶᠢ ᠢᠯᠭᠠᠷᠠᠭᠤᠯᠤᠨ ᠠᠪᠤᠭᠰᠠᠨ ᠤ ᠳᠠᠷᠠᠭ᠎ᠠ ᠦᠯᠡᠳᠡᠭᠰᠡᠨ ᠰᠢᠷᠠᠩᠭᠤᠢ ᠦᠩᠭᠡᠳᠡᠢ ᠶᠢ ᠨᠢ ᠴᠦᠴᠦᠭᠡᠢ ᠭᠡᠳᠡᠭ᠃                                ᠰᠠᠭᠠᠯᠢ ᠶᠢᠨ ᠠᠷᠢᠬᠢ    ᠰᠦᠨᠢᠳᠴᠤᠤᠯ ᠭᠤᠤᠯᠳᠠᠭᠤ ᠦᠨᠢᠶᠠᠨ ᠰᠦᠨ ᠤ ᠠᠶᠢᠷᠠᠭ ᠢᠶᠠᠷ ᠲᠤᠭᠤᠭ᠎ᠠ ᠨᠡᠷᠡᠳᠡᠭ᠃ ᠰᠠᠭᠠᠯᠢ ᠶᠢᠨ ᠠᠷᠢᠬᠢ ᠶᠢ ᠪᠠᠰᠠ ᠨᠡᠷᠡᠮᠡᠯ᠂ ᠠᠶᠢᠷᠠᠭ ᠤᠨ ᠠᠷᠢᠬᠢ᠂ ᠮᠤᠩᠭᠤᠯ ᠠᠷᠢᠬᠢ ᠭᠡᠳᠡᠭ᠃ ᠲᠤᠭᠤᠭ᠎ᠠ ᠨᠡᠷᠡᠬᠦ ᠳᠤ ᠪᠦᠷᠬᠦᠬᠦᠷ ᠂ ᠵᠢᠯᠠᠪᠴᠢ᠂ ᠲᠤᠰᠤᠭᠤᠷ᠂ ᠤᠷᠢᠶᠠᠯᠳᠠ᠂ ᠠᠶᠢᠷᠠᠭ ᠤᠨ ᠲᠤᠭᠤᠭ᠎ᠠ ᠵᠡᠷᠬᠡ ᠶᠢᠨ ᠲᠤᠰᠬᠠᠢ ᠭᠡᠷᠡᠭᠰᠡᠯ ᠪᠠᠶᠢᠳᠠᠭ᠃ ᠲᠤᠭᠤᠭ᠎ᠠ ᠨᠡᠷᠡᠬᠦ ᠳᠤ ᠲᠤᠭᠤᠭᠠᠨ ᠳᠠᠭᠠᠨ ᠠᠶᠢᠷᠠᠭ ᠤᠨ ᠬᠦᠷᠦᠩᠭᠡ ᠪᠠᠨ ᠶᠡᠭᠡᠭᠡᠨ ᠬᠢᠵᠤ᠂ ᠪᠦᠷᠬᠦᠬᠦᠷ ᠢᠶᠠᠨ ᠲᠤᠭᠤᠭᠠᠨ ᠳᠠᠭᠠᠨ ᠰᠠᠭᠤᠯᠭᠠᠨ᠎ᠠ᠂ ᠪᠦᠷᠬᠦᠬᠦᠷ ᠤᠨ ᠳᠤᠳᠤᠷ᠎ᠠ ᠲᠤᠰᠤᠭᠤᠷ ᠤᠨ ᠸᠠᠭᠠᠷ ᠢᠶᠠᠨ ᠬᠢᠵᠤ᠂ ᠪᠦᠷᠬᠦᠬᠦᠷ ᠤᠨ ᠴᠢᠭᠳᠠ ᠠᠴᠠ ᠡᠯᠬᠦᠵᠤ᠂ ᠵᠢᠯᠠᠪᠴᠢ ᠪᠠᠨ ᠪᠦᠷᠬᠦᠬᠦᠷ ᠳᠡᠭᠡᠷ᠎ᠠ ᠪᠠᠨ ᠳᠠᠯᠪᠢᠭᠠᠳ ᠤᠷᠢᠶᠠᠯᠳᠠ ᠪᠠᠷ ᠢᠶᠠᠨ ᠭᠡᠢ ᠰᠦᠪᠡ ᠭᠠᠷᠭᠠᠬᠤ ᠦᠭᠡᠢ ᠰᠠᠶᠢᠨ ᠤᠷᠢᠶᠠᠵᠤ ᠤᠶᠠᠨ᠎ᠠ᠃ ᠵᠢᠯᠠᠪᠴᠢᠨ ᠳᠠᠭᠠᠨ ᠬᠦᠢᠳᠡᠨ ᠤᠰᠤ ᠬᠢᠭᠡᠳ ᠵᠤᠤᠬᠠᠨ ᠳᠤ ᠭᠠᠯ ᠲᠦᠯᠡᠵᠤ ᠠᠶᠢᠷᠠᠭ ᠢᠶᠠᠨ ᠪᠤᠴᠠᠯᠭᠠᠨ᠎ᠠ᠃ ᠭᠠᠯ ᠢᠶᠠᠨ ᠰᠠᠶᠢᠬᠠᠨ ᠲᠤᠬᠢᠷᠠᠭᠤᠯᠤᠭᠰᠠᠨ ᠪᠠᠶᠢᠳᠠᠯ ᠳᠤ ᠵᠢᠯᠠᠪᠴᠢᠨ ᠤ ᠤᠰᠤ ᠶᠢ ᠭᠤᠷᠪᠠ ᠠᠴᠠ ᠲᠦᠷᠪᠠ ᠤᠳᠠᠭ᠎ᠠ ᠰᠤᠯᠢᠪᠠᠯ ᠠᠷᠢᠬᠢᠨ ᠤ ᠭᠠᠷᠴᠠ ᠪᠤᠯᠤᠨ ᠴᠢᠨᠠᠷ ᠲᠤ ᠵᠤᠬᠢᠮᠵᠢᠳᠠᠢ᠃ ᠵᠢᠯᠠᠪᠴᠢᠨ ᠤ ᠤᠰᠤ ᠠᠭᠤᠷ ᠭᠠᠷᠬᠤ ᠦᠶ᠎ᠠ ᠳᠤ ᠰᠤᠯᠢᠳᠠᠭ᠃ ᠪᠤᠴᠠᠯᠤᠭᠰᠠᠨ ᠠᠶᠢᠷᠠᠭ ᠤᠨ ᠠᠭᠤᠷ ᠳᠡᠭᠡᠭᠰᠢ ᠳᠡᠭᠳᠡᠵᠤ ᠵᠢᠯᠠᠪᠴᠢᠨ ᠤ ᠢᠷᠦᠭᠠᠷ ᠲᠤ ᠬᠦᠷᠪᠠᠯ ᠲᠠᠬᠢᠨ ᠤᠰᠤᠨ ᠲᠤᠰᠤᠯ ᠪᠤᠯᠵᠤ ᠠᠷᠢᠬᠢ ᠪᠤᠯᠤᠨ ᠪᠦᠷᠢᠯᠳᠤᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号