ᠮᠣᠩᠭᠤᠯᠴᠣᠳ ᠤᠨ ᠦᠯᠣᠭᠡᠢ ᠶᠢᠨ ᠶᠣᠰᠣᠨ
ᠨᠡᠶᠢᠲᠡᠯᠡᠭᠰᠡᠨ ᠴᠠᠭ᠄
2019/8/23
   ᠮᠣᠩᠭᠤᠯᠴᠣᠳ ᠨᠢᠯᠬ᠎ᠠ ᠬᠡᠣᠬᠡᠳ ᠢᠶᠠᠨ ᠦᠯᠣᠭᠡᠶᠢᠳᠡᠵᠣ ᠦᠰᠭᠡᠬᠦ ᠶᠢ ᠡᠷᠬᠢᠮᠯᠡᠳᠡᠭ᠃ ᠦᠯᠣᠭᠡᠢ ᠶᠢᠨ ᠬᠤᠶᠠᠷ ᠠᠷᠠᠯ ᠨᠢ ᠬᠤᠶᠠᠷ ᠲᠣᠬᠤᠢ ᠢᠯᠡᠭᠦᠣ ᠣᠷᠲᠣ᠂ ᠲᠣᠣᠷ᠎ᠠ ᠲᠠᠯ᠎ᠠ ᠨᠢ ᠬᠠᠭᠠᠰ ᠨᠣᠮᠣᠨ ᠬᠡᠯᠪᠡᠷᠢᠲᠠᠢ ᠮᠣᠳᠣᠨ ᠬᠠᠪᠲᠠᠰᠣ ᠪᠠᠷ ᠪᠦᠳᠦᠭᠰᠡᠨ ᠪᠦᠭᠡᠳ ᠬᠤᠶᠠᠷ ᠠᠷᠠᠯ ᠲᠡᠭᠡᠷ᠎ᠡ ᠨᠢ ᠭᠤᠶᠣᠮᠰᠤᠭ ᠵᠢᠵᠢᠭ ᠴᠣᠩᠬᠤ ᠣᠷᠠᠯᠠᠨ ᠵᠠᠰᠠᠭᠰᠠᠨ ᠪᠠᠶᠢᠳᠠᠭ᠃ ᠨᠣᠮᠣᠨ ᠬᠡᠯᠪᠡᠷᠢᠲᠠᠢ ᠠᠷᠠᠯ ᠤᠨ ᠢᠷᠣᠭᠠᠷ ᠨᠢ ᠦᠯᠣᠭᠡᠢ ᠪᠠᠨ ᠬᠦᠳᠡᠯᠭᠡᠬᠦ ᠳᠤ ᠦᠢᠯᠡᠳᠣᠯ ᠲᠠᠢ᠂ ᠠᠷᠠᠯ ᠲᠡᠭᠡᠷᠡᠬᠢ ᠵᠢᠵᠢᠭ ᠴᠣᠩᠬᠤ ᠨᠢ ᠨᠢᠯᠬ᠎ᠠ ᠬᠡᠣᠬᠡᠳ ᠢᠶᠠᠨ ᠲᠠᠷᠣᠨ ᠣᠶᠠᠬᠤ ᠳᠤ ᠬᠡᠷᠡᠭᠯᠡᠨ᠎ᠡ᠃            ᠦᠯᠣᠭᠡᠢ ᠬᠢᠬᠦ ᠮᠣᠳᠣ ᠶᠢ ᠵᠠᠪᠠᠯ ᠦᠷᠡᠯᠡᠬᠦ ᠮᠣᠳᠣ ᠰᠣᠩᠭᠤᠨ᠎ᠠ᠂ ᠦᠯᠣᠭᠡᠢ ᠶᠢᠨ ᠲᠣᠯᠣᠭᠠᠢ ᠨᠢ ᠬᠠᠪᠢᠷᠭᠠᠨ ᠰᠠᠷᠠ ᠬᠡᠯᠪᠡᠷᠢᠲᠠᠢ᠂ ᠪᠣᠷᠭᠠᠰᠣ ᠶᠢ ᠮᠠᠳᠠᠶᠢᠯᠭᠠᠭᠰᠠᠨ ᠤ ᠲᠠᠷᠠᠭ᠎ᠠ ᠣᠯᠠᠭᠠᠨ ᠪᠣᠶᠣ ᠴᠠᠭᠠᠨ ᠪᠦᠰ ᠢᠶᠠᠷ ᠪᠦᠷᠬᠦᠨ ᠣᠶᠣᠵᠣ᠂ ᠬᠦᠣ ᠪᠣᠯ ᠮᠣᠷᠢ᠂ ᠪᠦᠷᠭᠦᠳ ᠵᠡᠷᠭᠡ ᠠᠮᠢᠲᠠᠨ ᠣᠷᠠᠯᠠᠨ ᠣᠶᠣᠵᠣ᠂ ᠡᠷᠡᠯᠬᠡᠭ ᠪᠠᠭᠠᠲᠣᠷ ᠭᠡᠶᠢᠮᠤᠷᠢ ᠲᠠᠢ ᠪᠣᠯᠬᠤ ᠶᠢ ᠪᠡᠯᠭᠡᠳᠡᠳᠡᠭ᠃ ᠦᠬᠢᠨ ᠪᠣᠯ ᠬᠤᠸᠠᠷ ᠴᠡᠴᠡᠭ᠂ ᠮᠣᠳᠣ ᠣᠷᠭᠤᠮᠠᠯ ᠬᠠᠳᠬᠤᠨ ᠣᠶᠣᠵᠣ᠂ ᠰᠡᠴᠡᠨ ᠰᠡᠷᠭᠦᠯᠡᠭ ᠭᠤᠶᠣ ᠬᠡᠭᠡᠨᠴᠢᠷ ᠪᠣᠯᠬᠤ ᠶᠢ ᠨᠢ ᠵᠦᠩᠨᠡᠳᠡᠭ᠃ ᠦᠯᠣᠭᠡᠢ ᠶᠢᠨ ᠲᠣᠯᠣᠭᠠᠢ ᠳᠤ ᠪᠠᠰᠠ ᠲᠣᠯᠢ᠂ ᠪᠠᠷᠰ ᠤᠨ ᠰᠠᠪᠠᠷ᠂ ᠢᠮᠠᠭᠠᠨ ᠡᠪᠡᠷ᠂ ᠬᠤᠨᠢᠨ ᠱᠠᠭ᠎ᠠ ᠡᠯᠭᠦᠳᠡᠭ ᠨᠢ ᠭᠠᠢ ᠪᠠᠷᠴᠢᠳ ᠢ ᠠᠷᠢᠯᠭᠠᠵᠣ᠂ ᠠᠮᠣᠷ ᠲᠠᠶᠢᠪᠣᠭ᠌ ᠢ ᠬᠦᠰᠡᠨ ᠪᠡᠯᠭᠡᠳᠡᠭᠰᠠᠨ ᠰᠠᠨᠠᠭ᠎ᠠ ᠪᠣᠯᠣᠨ᠎ᠠ᠃ ᠣᠳᠣ ᠴᠦ ᠭᠡᠳ ᠦᠯᠣᠭᠡᠢ ᠶᠢᠨ ᠲᠣᠯᠣᠭᠠᠢ ᠳᠤ ᠲᠣᠯᠢ ᠡᠯᠭᠦᠬᠦ ᠨᠢ ᠨᠡᠯᠢᠶᠡᠳ ᠬᠠᠳᠠᠭᠠᠯᠠᠭᠳᠠᠵᠣ ᠪᠠᠶᠢᠨ᠎ᠠ᠃ ᠬᠦᠣ ᠲᠠᠢ ᠪᠣᠯᠪᠠᠯ ᠨᠠᠭᠠᠴᠣ ᠠᠴᠠ ᠨᠢ ᠦᠯᠣᠭᠡᠢ ᠬᠦᠷᠭᠡᠳᠡᠭ᠂ ᠡᠨᠡ ᠨᠢ ᠡᠷᠲᠡᠨ ᠤ ᠦᠶ᠎ᠡ ᠶᠢᠨ ᠬᠦᠣ ᠶᠢ ᠬᠦᠨᠳᠣᠳᠬᠡᠵᠣ ᠬᠡᠣᠬᠡᠨ ᠢ ᠬᠦᠩᠭᠡᠪᠴᠢᠯᠡᠬᠦ ᠨᠠᠵᠠᠭᠠᠢ ᠲᠠᠯ᠎ᠠ ᠠᠴᠠ ᠪᠣᠯᠣᠭᠰᠠᠨ ᠪᠠᠶᠢᠬ᠎ᠠ᠃ ᠣᠳᠣ ᠨᠡᠶᠢᠭᠡᠮ ᠤᠨ  ᠬᠦᠭᠵᠢᠯᠲᠡ ᠪᠣᠯᠣᠨ ᠡᠷᠡᠭᠲᠠᠢ ᠡᠮᠡᠭᠲᠠᠢ ᠶᠢ ᠡᠷᠬᠡ ᠲᠡᠭᠰᠢ ᠦᠵᠡᠬᠦ ᠪᠣᠯᠣᠭᠰᠠᠨ ᠠᠴᠠ ᠬᠦᠣ ᠬᠡᠣᠬᠡᠨ ᠭᠡᠵᠣ ᠢᠯᠭᠠᠯ ᠦᠭᠡᠢ᠂ ᠨᠠᠭᠠᠴᠣ ᠠᠴᠠ ᠨᠢ ᠦᠯᠣᠭᠡᠢ ᠬᠦᠷᠭᠡᠵᠣ᠂ ᠬᠠᠶᠢᠷᠠᠯᠠᠨ ᠰᠠᠨᠠᠵᠣ ᠪᠠᠶᠢᠬᠤ ᠰᠡᠳᠬᠢᠯ ᠢᠶᠠᠨ ᠢᠯᠡᠳᠬᠡᠬᠦ ᠪᠣᠯᠵᠠᠢ᠃ ᠪᠠᠰᠠ ᠵᠠᠷᠢᠮ ᠨᠢ ᠰᠢᠨ᠎ᠡ ᠦᠯᠣᠭᠡᠢ ᠬᠡᠷᠡᠭᠯᠡᠬᠦ ᠦᠭᠡᠢ᠂ ᠲᠣᠰᠬᠠᠶᠢᠯᠠᠨ ᠣᠯᠠᠨ ᠬᠡᠣᠬᠡᠳ ᠦᠯᠣᠭᠡᠶᠢᠳᠡᠵᠣ ᠦᠩᠭᠡᠷᠡᠭᠰᠡᠨ ᠦᠯᠣᠭᠡᠢ ᠵᠢᠭᠡᠯᠡᠵᠣ ᠦᠯᠣᠭᠡᠶᠢᠳᠡᠳᠡᠭ᠂ ᠣᠯᠠᠨ ᠬᠡᠣᠬᠡᠳ ᠦᠯᠣᠭᠡᠶᠢᠳᠡᠵᠣ ᠦᠰᠭᠡᠭᠰᠡᠨ ᠦᠯᠣᠭᠡᠢ ᠬᠡᠣᠬᠡᠳ ᠲᠤᠨᠢ ᠦᠯᠵᠡᠢ ᠪᠡᠯᠭᠡ ᠠᠪᠴᠢᠷᠠᠨ᠎ᠠ ᠭᠡᠵᠣ ᠦᠵᠡᠳᠡᠭ᠃    ᠦᠯᠣᠭᠡᠢ ᠶᠢᠨ ᠲᠡᠪᠢᠰᠭᠡᠷ ᠢ ᠵᠣᠬᠢᠶᠠᠬᠤ ᠳᠠᠭᠠᠨ ᠴᠡᠪᠡᠷᠯᠡᠵᠦ ᠬᠠᠳᠠᠭᠠᠭᠰᠠᠨ ᠰᠠᠭᠠᠭ ᠤᠨ ᠬᠠᠯᠢᠰᠣ ᠶᠢ ᠪᠦᠰ ᠣᠭᠤᠲᠠᠨ ᠳᠤ ᠰᠠᠪᠠᠯᠠᠵᠣ ᠣᠶᠣᠭᠠᠳ ᠬᠠᠮᠤᠭ ᠤᠨ ᠲᠣᠣᠷ᠎ᠠ ᠨᠢ ᠲᠡᠪᠢᠰᠣᠨ᠎ᠡ᠃ ᠡᠨᠡ ᠨᠢ ᠴᠢᠬᠢᠭ ᠢ ᠰᠡᠷᠭᠡᠶᠢᠯᠡᠵᠣ᠂ ᠬᠠᠯᠠᠭᠤᠨ ᠢ ᠲᠠᠷᠬᠠᠭᠠᠬᠤ ᠦᠢᠯᠡᠳᠣᠯ ᠲᠠᠢ᠃ ᠲᠠᠷᠠᠭ᠎ᠠ ᠨᠢ ᠬᠤᠴᠢᠯᠭ᠎ᠠ ᠶᠢᠨ ᠨᠢᠭᠡ ᠦᠵᠣᠭᠦᠷ ᠢ ᠦᠯᠣᠭᠡᠢ ᠶᠢᠨ ᠲᠣᠯᠣᠭᠠᠢ ᠣᠷᠣᠭᠤ ᠬᠠᠨᠳᠣᠭᠤᠯᠤᠨ ᠲᠡᠯᠭᠡᠵᠦ ᠲᠠᠯᠪᠢᠭᠠᠳ᠂ ᠲᠡᠭᠡᠷ᠎ᠡ ᠨᠢ ᠬᠠᠯᠠᠭᠤᠯᠵᠣ ᠬᠠᠭᠤᠷᠠᠶᠢᠯᠠᠭᠰᠠᠨ ᠮᠠᠩᠬᠠᠨ ᠰᠢᠷᠣᠢ ᠪᠠᠨ ᠲᠡᠭᠰᠢᠯᠡᠨ ᠲᠡᠪᠢᠰᠴᠣ᠂ ᠬᠡᠣᠬᠡᠳ ᠤᠨ ᠲᠣᠯᠣᠭᠠᠢ ᠶᠢ ᠦᠯᠣᠭᠡᠢ ᠶᠢᠨ ᠬᠠᠶᠠᠭ᠎ᠠ ᠳᠤ ᠲᠣᠯᠭᠠᠨ  ᠬᠡᠣᠬᠡᠳ ᠢᠶᠠᠨ ᠬᠡᠪᠳᠡᠬᠦᠯᠦᠨ᠎ᠡ᠃ ᠡᠨᠡ ᠨᠢ ᠬᠦᠩᠭᠡᠵᠢᠯᠲᠡ ᠠᠴᠠ ᠪᠣᠯᠣᠭᠰᠠᠨ ᠬᠡᠣᠬᠡᠳ ᠤᠨ ᠲᠣᠯᠣᠭᠠᠢ ᠬᠡᠳᠦᠷᠬᠡᠢ ᠭᠤᠵᠤᠭᠠᠷ ᠪᠣᠯᠣᠭᠰᠠᠨ ᠢ ᠵᠠᠯᠠᠷᠠᠭᠤᠯᠬᠤ ᠦᠢᠯᠠᠳᠣᠯ ᠲᠠᠢ᠃ ᠲᠡᠪᠢᠰᠦᠭᠰᠡᠨ ᠮᠠᠩᠬ᠎ᠠ ᠰᠢᠷᠣᠢ ᠨᠢ ᠬᠡᠣᠬᠡᠳ ᠲᠤ ᠲᠠᠭᠠᠲᠠᠢ ᠮᠦᠷᠲᠡᠭᠡᠨ ᠰᠢᠭᠡᠰᠣ ᠶᠢ ᠰᠢᠩᠭᠡᠭᠡᠬᠦ ᠦᠢᠯᠡᠳᠦᠯ ᠲᠠᠢ᠃ ᠬᠡᠣᠬᠡᠳ ᠢᠶᠠᠨ ᠴᠢᠩᠭ᠎ᠠ ᠪᠠᠭᠯᠠᠭᠠᠳ ᠦᠯᠣᠭᠡᠢ ᠶᠢᠨ ᠠᠷᠠᠯ ᠳᠤ ᠵᠣᠬᠢᠶᠠᠭᠰᠠᠨ ᠪᠦᠰᠡ ᠪᠠᠷ ᠴᠢᠩᠭ᠎ᠠ ᠲᠠᠷᠣᠭᠤᠯᠣᠨ ᠣᠶᠠᠨ᠎ᠠ᠂ ᠡᠨᠡ ᠨᠢ ᠬᠡᠣᠬᠡᠳ ᠤᠨ ᠬᠦᠯ ᠮᠣᠷᠣᠢ ᠪᠣᠯᠬᠤ ᠠᠴᠠ ᠰᠡᠷᠭᠡᠶᠢᠯᠡᠨ᠎ᠡ᠃ ᠦᠯᠣᠭᠡᠢ ᠪᠠᠨ ᠬᠦᠩᠭᠡᠨ ᠬᠦᠳᠡᠯᠭᠡᠵᠣ᠂ ᠬᠡᠣᠬᠡᠳ ᠢᠶᠠᠨ ᠠᠮᠲᠠᠳᠣ ᠨᠦᠢᠷ ᠲᠤᠨᠢ ᠣᠷᠣᠭᠤᠯᠣᠨ᠎ᠡ᠃ ᠣᠳᠣ ᠠᠮᠢᠳᠣᠷᠠᠯ ᠤᠨ ᠨᠦᠬᠦᠴᠡᠯ ᠰᠠᠶᠢᠵᠢᠷᠠᠭᠰᠠᠨ ᠲᠣᠯᠠ ᠰᠢᠭᠡᠰᠣ ᠠᠭᠤᠰᠬᠠᠬᠤ ᠪᠦᠰ ᠢᠶᠠᠷ ᠮᠠᠩᠬ᠎ᠠ ᠰᠢᠷᠣᠢ ᠶᠢ ᠣᠷᠣᠯᠠᠭᠤᠯᠬᠤ ᠨᠢ ᠣᠯᠠᠨ ᠪᠣᠯᠵᠠᠢ᠃ ᠮᠣᠩᠭᠤᠯᠴᠣᠳ ᠤᠨ ᠬᠡᠣᠬᠡᠳ ᠢᠶᠠᠨ ᠦᠯᠦᠭᠡᠶᠢᠳᠡᠵᠦ ᠦᠰᠭᠡᠬᠦ ᠶᠣᠰᠣ ᠨᠢ ᠦᠷ᠎ᠡ ᠬᠡᠣᠬᠡᠳ ᠢᠶᠠᠨ ᠡᠷᠡᠭᠦᠯ ᠰᠠᠶᠢᠬᠠᠨ ᠪᠡᠶ᠎ᠡ ᠲᠦᠷᠬᠦ ᠲᠠᠢ ᠪᠣᠯᠭᠠᠨ ᠲᠣᠷᠨᠢᠭᠤᠯᠣᠨ ᠪᠤᠶᠢᠵᠢᠭᠤᠯᠬᠤ ᠳᠤ ᠬᠡᠮᠵᠢᠶᠡᠯᠡᠰᠢ ᠦᠭᠡᠢ ᠦᠢᠯᠡᠳᠣᠯ ᠴᠢᠳᠠᠪᠣᠷᠢ ᠪᠠᠨ ᠦᠵᠡᠭᠦᠯᠦᠭᠰᠡᠨ ᠪᠠᠶᠢᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号