ᠬᠤᠪᠴᠠᠰᠤ ᠵᠠᠰᠠᠯ
ᠨᠡᠶᠢᠲᠡᠯᠡᠭᠰᠡᠨ ᠴᠠᠭ᠄
2017/6/21
       ᠰᠦᠨᠢᠳ ᠤᠨ ᠲᠠᠪᠠᠯ ᠲᠡᠷᠯᠢᠭ ᠪᠤᠯ ᠠᠭᠤᠵᠢᠭᠤ ᠮᠦᠷᠳᠡᠭᠡᠨ ᠤᠨᠤᠭᠤ ᠦᠬᠡᠢ ᠪᠢᠳᠠᠬᠦᠦ ᠬᠤᠷᠮᠤᠢ ᠲᠠᠢ ᠪᠠᠶᠢᠳᠠᠭ᠂ ᠭᠡᠪᠡᠴᠦ ᠴᠠᠬᠠᠷ ᠭᠠᠵᠡᠷ ᠲᠠᠢ ᠤᠶᠢᠷᠠᠬᠠᠨ ᠠᠮᠢᠳᠤᠷᠠᠳᠠᠭ ᠬᠦᠮᠦᠰ ᠤᠨᠤᠭᠤ ᠲᠠᠢ ᠤᠷᠳᠤ ᠲᠡᠷᠯᠢᠭ ᠡᠮᠤᠰᠳᠡᠭ᠃ ᠮᠠᠯᠴᠢᠳ ᠡᠪᠤᠯ ᠳᠡᠭᠡᠨ ᠬᠤᠷᠠᠭᠠᠨ ᠲᠡᠪᠡᠯ ᠡᠮᠤᠰᠳᠡᠭ᠂ ᠡᠬᠦᠨ ᠳᠤ ᠵᠤᠪᠴᠠᠭ᠎ᠠ ᠡᠮᠤᠰᠬᠦ ᠨᠢ ᠠᠷᠪᠢᠨ ᠪᠠᠶᠢᠳᠠᠭ᠃ ᠰᠦᠨᠢᠳᠴᠤᠳ ᠤᠨ ᠲᠡᠪᠡᠯ ᠲᠡᠷᠯᠢᠭ ᠤᠨ ᠵᠠᠭᠠᠮ᠎ᠠ᠂ ᠡᠩᠭᠡᠷ ᠨᠢ ᠨᠢᠭᠡᠯᠡ ᠦᠩᠭᠡ ᠶᠢᠨ ᠳ᠋ᠠᠩ ᠪᠤᠶᠤ ᠲᠠᠪᠬᠤᠷ ᠨᠠᠷᠢᠬᠠᠨ ᠴᠡᠮᠴᠡᠭᠡᠷ ᠡᠮᠵᠢᠶᠡᠷᠢ ᠲᠠᠢ ᠪᠠᠶᠢᠳᠠᠭ᠃ ᠡᠭᠡᠨᠡᠷ ᠬᠦᠮᠦᠨ ᠤ ᠲᠡᠪᠡᠯ ᠲᠡᠷᠯᠢᠭ ᠤᠨ ᠬᠠᠨᠴᠤᠢ ᠨᠢ ᠨᠢᠳᠤᠷᠭ᠎ᠠ ᠲᠠᠢ ᠪᠦᠭᠡᠳ ᠲᠤᠬᠤᠢ ᠲᠠᠢ ᠪᠠᠶᠢᠳᠠᠭ᠃ ᠦᠬᠢᠨ ᠬᠦᠮᠦᠨ ᠲᠤᠬᠤᠢ ᠲᠠᠢ ᠲᠡᠪᠡᠯ᠂ ᠲᠡᠷᠯᠢᠭ ᠡᠮᠦᠰᠳᠡᠭ ᠦᠭᠡᠢ᠃ ᠰᠦᠨᠢᠳ ᠡᠷᠡᠭᠳᠡᠶᠢᠴᠤᠳ ᠤᠨ ᠲᠡᠷᠯᠢᠭ ᠠᠯᠢ ᠤᠵᠠᠭᠤᠷ ᠲᠠᠭᠠᠨ ᠪᠦᠷ ᠨᠢᠳᠤᠷᠭ᠎ᠠ ᠲᠠᠢ ᠪᠠᠶᠢᠭᠰᠠᠠ᠂ ᠡᠪᠦᠬᠡᠳ ᠨᠠᠰᠤᠳᠠᠶᠢᠴᠤᠳ ᠤᠨ ᠬᠤᠪᠴᠠᠰᠤᠨ ᠤ ᠨᠢᠳᠤᠷᠭ᠎ᠠ ᠨᠢ ᠬᠠᠯᠪᠠᠭᠠᠷ ᠪᠦᠳᠦᠬᠦᠨ ᠰᠢᠭ᠂ ᠢᠳᠡᠷ ᠵᠠᠯᠠᠭᠤ ᠨᠠᠰᠤᠨ ᠤ ᠬᠦᠮᠦᠨ ᠡᠰᠡᠬᠦᠯ᠎ᠠ ᠡᠮᠡᠭᠳᠡᠶᠢᠴᠤᠳ ᠤᠨ ᠬᠤᠪᠴᠠᠰᠤᠨ ᠤ ᠨᠢᠳᠤᠷᠭ᠎ᠠ ᠨᠢ ᠪᠠᠭ᠎ᠠ ᠰᠢᠬ ᠬᠠᠯᠪᠠᠭᠠᠷ ᠪᠠᠶᠢᠵᠠᠢ᠃ ᠡᠷᠡᠭᠳᠡᠶᠢᠴᠤᠳ ᠨᠢ ᠲᠡᠷᠯᠢᠭ᠂ ᠲᠡᠪᠡᠯ ᠢᠶᠠᠨ ᠴᠡᠩᠬᠡᠷ᠂ ᠬᠦᠷᠡᠩ᠂ ᠬᠦᠬᠡ ᠦᠩᠬᠡ ᠲᠠᠢ ᠲᠤᠷᠭ᠎ᠠ ᠬᠤᠷᠭᠤᠢ ᠪᠠᠷ ᠬᠢᠳᠡᠭ᠃ ᠰᠦᠨᠢᠳ ᠡᠮᠡᠭᠳᠡᠶᠢᠴᠤᠳ ᠴᠠᠭᠠᠨ ᠴᠡᠩᠬᠡᠷ᠂ ᠰᠢᠷ᠎ᠠ ᠨᠤᠭᠤᠭᠠᠨ ᠦᠩᠬᠡᠳᠡᠢ ᠲᠤᠷᠭ᠎ᠠ᠂ ᠬᠤᠷᠭᠤᠢ᠂ ᠲᠤᠷᠳᠤᠩ᠂ ᠴᠢᠰᠴᠠᠤ ᠪᠠᠷ ᠲᠡᠷᠯᠢᠭ ᠲᠡᠪᠡᠯ ᠬᠢᠵᠦ ᠡᠮᠤᠰᠳᠡᠭ᠃ ᠵᠠᠯᠠᠭᠤ ᠬᠡᠤᠬᠡᠨᠴᠤᠳ ᠪᠤᠯ ᠬᠤᠷᠴᠠ ᠰᠤᠷᠭᠤᠭ ᠰᠤᠳᠤᠨ ᠦᠩᠬᠡ ᠶᠢ ᠡᠷᠬᠢᠮᠯᠡᠨ᠎ᠠ᠂ ᠬᠡᠬᠦ ᠳᠡᠭᠡᠨ ᠴᠤᠯ ᠤᠯᠠᠭᠠᠨ᠂ ᠰᠢᠷ᠎ᠠ ᠦᠩᠬᠡ ᠪᠠᠷ ᠬᠤᠪᠴᠠᠰᠤ ᠬᠢᠵᠤ ᠡᠮᠦᠰᠳᠡᠭ ᠦᠬᠡᠢ᠃ ᠰᠦᠨᠢᠳ ᠲᠤ᠂ ᠡᠬᠡᠨᠡᠷ ᠬᠦᠮᠦᠨ ᠭᠡᠷ ᠵᠠᠭᠤᠷ᠎ᠠ ᠪᠠᠨ ᠨᠦᠮᠤᠭᠡᠨ ᠲᠡᠷᠯᠢᠭ ᠡᠮᠤᠰᠴᠦ᠂ ᠪᠤᠰᠤᠳ ᠴᠠᠭ ᠲᠤ ᠡᠷᠡᠭᠳᠡᠢ ᠡᠮᠡᠭᠳᠡᠢ ᠭᠡᠰᠡᠨ ᠦᠭᠡᠢ ᠴᠦᠮ ᠪᠦᠰᠡ ᠪᠦᠰᠡᠯᠡᠳᠡᠭ᠃ ᠡᠷᠡᠭᠳᠡᠶᠢᠴᠤᠳ ᠨᠢ ᠲᠡᠰᠢᠶᠠᠨ ᠤ ᠪᠠᠨ ᠬᠠᠪᠢ ᠪᠠᠷ ᠦᠷᠭᠡᠨ ᠪᠦᠰᠡᠯᠡᠵᠦ᠂ ᠡᠮᠡᠭᠳᠡᠶᠢᠴᠤᠳ ᠨᠢ ᠭᠡᠳᠡᠰᠤ ᠪᠠᠷ ᠢᠶᠠᠨ ᠴᠢᠩᠭ᠎ᠠ ᠨᠡᠷᠢᠨ ᠪᠦᠰᠡᠯᠡᠳᠡᠭ ᠵᠠᠩᠰᠢᠯ ᠲᠠᠢ᠃ ᠰᠦᠨᠢᠳ ᠡᠷᠡᠭᠳᠡᠶᠢᠴᠤᠳ ᠤᠨ ᠵᠠᠰᠠᠯ ᠳᠤ ᠮᠦᠩᠬᠦᠨ ᠠᠶᠠᠭ᠎ᠠ᠂ ᠭᠠᠩᠰᠠ᠂ ᠲᠡᠯᠢᠩ᠂ ᠮᠦᠩᠬᠦᠨ ᠬᠤᠢ ᠲᠠᠢ ᠬᠢᠳᠤᠭ᠎ᠠ ᠵᠡᠷᠭᠡ ᠪᠠᠶᠢᠳᠠᠭ᠃ ᠰᠦᠨᠢᠳ ᠡᠮᠡᠭᠳᠡᠶᠢᠴᠤᠳ ᠤᠨ ᠵᠠᠰᠠᠯ ᠳᠤ ᠲᠠᠳᠠᠭᠤᠷ᠂ ᠬᠠᠨᠳᠠᠷᠭ᠎ᠠ᠂ ᠬᠡᠵᠢᠬᠡᠨ ᠤ ᠵᠠᠰᠠᠯ᠂ ᠬᠠᠪᠴᠢᠶᠠᠷᠢ᠂ ᠰᠦᠢᠭᠡ᠂ ᠭᠡᠵᠢᠬᠡᠨ ᠤ ᠬᠤᠯᠪᠤᠭ᠎ᠠ᠂ ᠡᠩᠭᠡᠷ ᠤᠨ ᠵᠡᠬᠦᠯᠳᠡ᠂ ᠪᠠᠭᠤᠤ᠂ ᠪᠦᠭᠡᠵᠢ᠂ ᠡᠬᠡᠮᠦᠭ ᠵᠡᠷᠭᠡ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号