ᠵᠢᠯ ᠤᠷᠤᠭᠤᠯᠬᠤ ᠶᠤᠰᠤ
ᠨᠡᠶᠢᠲᠡᠯᠡᠭᠰᠡᠨ ᠴᠠᠭ᠄
2017/6/21
       ᠶᠡᠭᠡ ᠲᠡᠭᠡᠷ᠎ᠡ ᠦᠶ᠎ᠠ ᠠᠴᠠ ᠰᠦᠨᠢᠳᠴᠤᠳ ᠵᠢᠯ ᠤᠷᠤᠭᠤᠯᠬᠤ ᠶᠤᠰᠤᠨ ᠢ ᠡᠷᠬᠢᠮᠯᠡᠭᠰᠡᠭᠡᠷ ᠢᠷᠡᠵᠡᠢ᠃ ᠠᠷᠪᠡᠨ ᠭᠤᠷᠪᠡᠨ ᠨᠠᠰᠤ᠂ ᠬᠤᠷᠢᠨ ᠲᠠᠪᠤ᠂ ᠭᠤᠴᠢᠨ ᠲᠤᠯᠤᠭ᠎ᠠ᠂ ᠲᠦᠴᠢ ᠶᠢᠰᠦᠨ ᠤ ᠵᠢᠯ ᠤᠷᠤᠭᠤᠯᠬᠤ ᠳᠤ ᠠᠬ᠎ᠠ ᠲᠡᠬᠦᠦ ᠲᠦᠷᠦᠯ ᠰᠠᠳᠤᠨ ᠨᠢ ᠵᠢᠯ ᠤᠷᠤᠭᠰᠠᠨ ᠬᠦᠮᠦᠨ ᠳᠡᠭᠡᠨ ᠪᠡᠯᠡᠭ ᠰᠠᠯᠳᠠ ᠦᠭᠴᠦ ᠲᠤᠷᠡᠰᠬᠠᠨ ᠲᠡᠮᠳᠡᠭᠯᠡᠵᠦ ᠦᠩᠭᠡᠷᠡᠳᠡᠭ᠂ ᠬᠠᠷᠢᠨ ᠶᠡᠭᠡ ᠨᠡᠶᠢᠷ ᠬᠢᠳᠡᠭ ᠦᠬᠡᠢ᠃ ᠵᠢᠷᠡᠨ ᠨᠢᠭᠡ᠂ ᠲᠠᠯᠠᠨ ᠭᠤᠷᠪᠡ᠂ ᠨᠠᠶᠠᠨ ᠨᠢᠭᠡ᠂ ᠨᠠᠶᠠᠨ ᠲᠠᠪᠤᠨ ᠤ ᠵᠢᠯ ᠤᠷᠤᠭᠤᠯᠬᠤ ᠨᠡᠶᠢᠷ ᠢ ᠲᠦᠷᠦᠯ ᠰᠠᠳᠤᠨ᠂ ᠦᠢᠷ᠎ᠡ ᠰᠠᠭᠠᠬᠠᠯᠳᠠ ᠪᠠᠨ ᠵᠠᠯᠠᠵᠦ ᠶᠡᠭᠡ ᠬᠡᠮᠵᠢᠶᠠᠨ ᠤ ᠨᠠᠰᠤᠨ ᠪᠠᠶᠠᠷ ᠤᠨ ᠨᠠᠶᠢᠷ ᠬᠢᠳᠡᠭ᠃ ᠶᠡᠷᠦᠳᠡᠭᠡᠨ ᠬᠦᠭᠡᠭᠡ ᠰᠠᠷ᠎ᠠ ᠶᠢᠨ 25᠎ ᠠᠴᠠ ᠡᠬᠢᠯᠡᠨ ᠴᠠᠭᠠᠨ ᠰᠠᠷ᠎ᠠ ᠠᠴᠠ ᠡᠮᠤᠨ᠎ᠡ ᠭᠡᠳᠤᠨ ᠡᠳᠤᠷ ᠲᠤ ᠵᠢᠯ ᠢ ᠨᠢ ᠤᠷᠤᠭᠤᠯᠳᠠᠭ᠃ ᠮᠤᠩᠭᠤᠯᠴᠤᠳ ᠨᠠᠶᠠᠨ ᠨᠢᠬᠡ ᠶᠢ ᠦᠯᠵᠡᠢ ᠪᠡᠯᠭᠡ ᠲᠠᠢ ᠲᠤᠭ᠎ᠠ ᠪᠠᠷ ᠦᠵᠡᠳᠡᠭ ᠪᠤᠯᠬᠤᠷ ᠨᠠᠶᠠᠨ ᠨᠢᠭᠡ ᠤᠷᠤᠵᠦ ᠪᠠᠶᠢᠭ᠎ᠠ ᠨᠠᠰᠤᠳᠠᠨ ᠳᠠᠭᠠᠨ ᠤᠨᠴᠠᠭᠠᠶᠢᠯᠠᠨ ᠵᠢᠯ ᠢ ᠨᠢ ᠤᠷᠤᠭᠤᠯᠵᠦ ᠦᠭᠳᠡᠭ᠃ ᠲᠤᠤᠷ᠎ᠡ ᠦᠶ᠎ᠠ ᠶᠢᠨ ᠵᠢᠯ ᠤᠷᠤᠭᠰᠠᠳ ᠨᠢ ᠠᠬᠠᠮᠠᠳ ᠲᠠᠭᠠᠨ ᠤᠴᠢᠵᠦ ᠢᠷᠦᠬᠡᠯ ᠵᠦᠩᠨᠡᠯ ᠎ ᠢ ᠰᠤᠨᠤᠰᠴᠦ ᠪᠡᠯᠡᠭ ᠲᠤᠰᠴᠦ ᠵᠢᠯ ᠢᠶᠠᠨ ᠤᠷᠤᠭᠤᠯᠵᠦ᠂ ᠠᠬᠠᠮᠠᠳ ᠨᠢ ᠵᠢᠯ ᠤᠷᠤᠵᠦ ᠪᠠᠶᠢᠪᠡᠯ ᠲᠤᠤᠷ᠎ᠡ ᠦᠶ᠎ᠠ ᠶᠢᠨ ᠬᠦᠮᠦᠰ ᠠᠬᠠᠮᠠᠳ ᠤᠨ ᠢᠶᠠᠨ ᠭᠡᠷ ᠲᠤᠨᠢ ᠬᠦᠷᠴᠦ ᠵᠢᠯ ᠢ ᠨᠢ ᠤᠷᠤᠭᠤᠯᠵᠦ ᠪᠡᠯᠡᠭ ᠰᠠᠯᠳᠠ ᠬᠦᠷᠭᠡᠵᠦ᠂ ᠤᠷᠳᠤ ᠨᠠᠰᠤᠯᠠᠵᠦ ᠤᠳᠠᠭᠠᠨ ᠵᠢᠷᠭᠠᠬᠤ ᠶᠢ ᠪᠡᠯᠭᠡᠳᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号