ᠨᠣᠶᠢᠷ ᠬᠤᠯᠵᠢᠳᠠᠭ ᠬᠥᠮᠥᠰ ᠡᠭᠦᠨ ᠢ ᠦᠵᠡᠭᠡᠷᠡᠢ︕
ᠨᠡᠶᠢᠲᠡᠯᠡᠭᠰᠡᠨ ᠴᠠᠭ᠄
2023/12/26
       ᠳᠤᠮᠳᠠᠳᠤ ᠤᠯᠤᠰ ᠤᠨ ᠤᠨᠲᠠᠯᠭ᠎ᠠ ᠶᠢᠨ  ᠰᠤᠳᠤᠯᠭᠠᠨ ᠤ  ᠨᠡᠶᠢᠭᠡᠮᠯᠢᠭ ᠤᠨ  ᠨᠡᠶᠢᠲᠡᠯᠡᠭᠰᠡᠨ  ᠲᠤᠭ᠎ᠠ  ᠪᠠᠷᠢᠮᠲᠠ ᠠᠴᠠ ᠦᠵᠡᠪᠡᠯ᠂ ᠳᠤᠮᠳᠠᠳᠤ ᠤᠯᠤᠰ ᠤᠨ ᠨᠠᠰᠤᠨ ᠳᠤ ᠭᠦᠷᠦᠭᠰᠡᠳ ᠤᠨ ᠨᠦᠢᠷ ᠬᠤᠯᠵᠢᠬᠤ ᠨᠣᠷᠮ᠎ᠠ 38.2% ᠬᠦᠷᠴᠡᠶ᠃ ᠨᠦᠢᠷ ᠬᠤᠯᠵᠢᠪᠠᠯ ᠶᠠᠭᠠᠬᠢᠬᠤ ᠪᠤᠢ︖ ᠬᠡᠷᠬᠢᠨ ᠲᠦᠷᠭᠡᠨ ᠤᠨᠲᠠᠬᠤ ᠪᠣᠢ︖  ᠨᠡᠶᠢᠰᠯᠡᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠪᠡᠭᠡᠵᠢᠩ ᠤᠨ  ᠠᠨ  ᠵᠧᠨ  ᠡᠮᠨᠡᠯᠭᠡ ᠶᠢᠨ ᠬᠤᠷᠢᠶᠠᠨ ᠤ ᠤᠨᠲᠠᠯᠭ᠎ᠠ ᠶᠢᠨ ᠠᠨᠠᠭᠠᠬᠤ ᠤᠬᠠᠭᠠᠨ ᠤ ᠲᠥᠪ ᠤᠨ ᠳᠡᠳ᠋ ᠡᠷᠬᠢᠯᠡᠭᠴᠢ ᠡᠮᠴᠢ  ᠰᠢ  ᠰᠢᠨ  ᠢᠯᠡᠷᠬᠡᠶᠢᠯᠡᠬᠦ ᠳᠡᠭᠡᠨ᠂ ᠨᠦᠢᠷ  ᠬᠤᠯᠵᠢᠬᠤ ᠶᠢ  ᠵᠠᠭᠠᠭᠯᠠᠨ  ᠲᠣᠭᠲᠠᠭᠠᠬᠤ  ᠲᠦᠢᠯ ᠤᠨ  ᠴᠢᠩᠭ᠎ᠠ  ᠪᠠᠷᠢᠮᠵᠢᠶ᠎ᠠ ᠲᠠᠢ  ᠪᠠᠶᠢᠳᠠᠭ᠂  ᠰᠠᠶᠢᠨ   ᠰᠠᠶᠢᠬᠠᠨ ᠤᠨᠲᠠᠯᠭ᠎ᠠ ᠶᠢᠨ ᠣᠷᠴᠢᠨ ᠨᠥᠬᠦᠴᠡᠯ ᠲᠠᠢ ᠪᠠᠶᠢᠬᠤ ᠤᠷᠢᠲᠠᠯ ᠲᠤᠤᠷ᠎ᠠ᠂  30  ᠮᠢᠨᠦ᠋ᠲ  ᠦᠩᠭᠡᠷᠡᠳᠡᠯ᠎ᠡ  ᠤᠨᠳᠠᠵᠦ  ᠲᠡᠶᠢᠯᠬᠦ ᠦᠬᠡᠢ ᠪᠠᠶᠢᠬᠤ᠂ ᠤᠨᠲᠠᠬᠤ ᠨᠢ ᠰᠡᠷᠭᠡᠭ ᠠᠮᠠᠷᠬᠠᠨ ᠰᠡᠷᠢᠬᠦ᠂ ᠤᠨᠲᠠᠬᠤ ᠴᠠᠭ   ᠨᠢ  ᠣᠬᠤᠷ  ᠪᠠᠶᠢᠬᠤ  ᠡᠪᠡᠳᠴᠢᠨ ᠤ  ᠢᠯᠡᠷᠡᠯ ᠭᠠᠷᠪᠠᠯ ᠰᠠᠶ᠋ᠢ ᠨᠦᠢᠷ ᠬᠤᠯᠵᠢᠭᠰᠠᠨ ᠢᠶᠠᠷ ᠣᠨᠣᠰᠢᠯᠠᠵᠤ ᠪᠤᠯᠤᠨ᠎ᠠ᠃  ᠬᠡᠷᠪᠡ  ᠨᠦᠢᠷ  ᠬᠤᠯᠵᠢᠬᠤ  ᠪᠠᠶᠢᠳᠠᠯ  ᠢᠯᠡᠷᠡᠭᠰᠡᠨ  ᠪᠣᠯᠪᠠᠴᠤ  ᠮᠥᠨ  ᠯᠡ  ᠣᠷᠣᠨ  ᠳᠡᠭᠡᠷ᠎ᠡ ᠪᠠᠨ  ᠬᠡᠪᠲᠡᠭᠡᠳ ᠥᠪᠡᠷ ᠢ ᠪᠠᠨ ᠠᠯᠪᠠᠳᠠᠵᠤ ᠪᠠᠶᠢᠭᠠᠳ ᠤᠨᠲᠠᠭᠤᠯᠪᠠᠯ᠂ ᠮᠠᠰᠢ ᠶᠡᠭᠡ ᠳᠠᠷᠤᠯᠲᠠ ᠲᠠᠢ ᠪᠣᠯᠤᠨ᠎ᠠ᠃ ᠡᠩ ᠤᠨ ᠪᠠᠶᠢᠳᠠᠯ ᠳᠤ᠂  ᠬᠡᠷᠪᠡ ᠬᠠᠭᠠᠰ ᠴᠠᠭ ᠢᠯᠡᠭᠦᠦ ᠬᠡᠪᠲᠡᠭᠡᠳ ᠪᠠᠰᠠ ᠤᠨᠲᠠᠵᠤ ᠣᠷᠣᠬᠤ ᠦᠭᠡᠢ ᠪᠣᠯ ᠪᠣᠰᠬᠤ ᠶᠢ ᠰᠠᠨᠠᠭᠤᠯᠤᠶ᠎ᠠ᠃ ᠪᠢᠳᠡ  ᠤᠨᠲᠠᠬᠤ  ᠪᠠ ᠣᠷᠣ ᠶᠢᠨ ᠬᠤᠭᠤᠷᠣᠨᠳᠣᠬᠢ ᠪᠣᠯᠵᠣᠯᠳᠤ ᠣᠶᠢᠯᠲᠠ ᠶᠢ ᠪᠣᠢ ᠪᠣᠯᠭᠠᠵᠤ᠂ ᠨᠦᠢᠷ  ᠬᠦᠷᠬᠦ  ᠦᠶ᠎ᠡ ᠳᠤ  ᠨᠣᠶᠢᠷᠰᠤᠬᠤ  ᠬᠡᠷᠡᠭᠲᠡᠢ᠂ ᠡᠰᠡ ᠲᠡᠭᠡᠪᠡᠯ ᠣᠷᠣᠨ ᠳᠡᠭᠡᠷ᠎ᠡ ᠪᠠᠨ ᠠᠯᠪᠠᠳᠠᠯᠭ᠎ᠠ ᠪᠠᠷ ᠬᠡᠪᠲᠡᠵᠦ ᠪᠣᠯᠬᠤ ᠦᠭᠡᠢ᠂ ᠡᠭᠦᠨ ᠤ  ᠬᠠᠮᠲᠤ  ᠤᠨᠲᠠᠬᠤ ᠲᠠᠢ  ᠬᠠᠮᠢᠶ᠎ᠠ ᠦᠭᠡᠢ ᠶᠠᠪᠤᠳᠠᠯ ᠢ ᠬᠢᠵᠦ ᠪᠣᠯᠬᠤ ᠦᠭᠡᠢ᠂ ᠵᠢᠱᠢᠶᠡᠯᠡᠪᠡᠯ ᠭᠠᠷ ᠤᠲᠠᠰᠤ ᠨᠠᠭᠠᠳᠬᠤ ᠪᠤᠯᠬᠤ ᠦᠬᠡᠢ᠂ ᠶᠠᠭᠤᠮ᠎ᠠ ᠢᠳᠡᠵᠦ  ᠪᠣᠯᠬᠤ ᠦᠭᠡᠢ ᠭᠡᠵᠠᠢ᠃ ᠨᠦᠢᠷ ᠬᠤᠯᠵᠢᠬᠤ ᠦᠶ᠎ᠡ ᠳᠤ ᠣᠯᠠᠩᠬᠢ ᠬᠥᠮᠦᠰ  ᠬᠤᠨᠢ  ᠲᠤᠭᠠᠯᠠᠳᠠᠭ᠃  ᠦᠨᠡᠨ ᠳᠡᠭᠡᠨ  ᠬᠤᠨᠢ  ᠲᠣᠭᠠᠯᠠᠬᠤ ᠨᠢ ᠬᠥᠮᠦᠰ ᠲᠤ ᠤᠯᠠᠮ ᠢᠯᠡᠬᠦᠤ ᠪᠠᠴᠢᠮᠳᠠᠬᠤ ᠰᠡᠳᠬᠢᠯᠭᠡ ᠶᠢ ᠠᠪᠴᠢᠷᠠᠵᠤ᠂ ᠨᠦᠢᠷ ᠬᠤᠯᠵᠢᠬᠤ ᠶᠢ ᠬᠦᠨᠳᠦᠷᠡᠭᠦᠯᠦᠨ᠎ᠡ᠃ ᠰᠢ ᠰᠢᠨ ᠵᠢᠭᠠᠬᠤ ᠳᠠᠭᠠᠨ᠂ ᠬᠠᠶᠠ ᠨᠦᠢᠷ ᠬᠤᠯᠵᠢᠬᠤ ᠨᠢ ᠬᠥᠮᠦᠨ ᠤ ᠪᠡᠶ᠎ᠡ ᠳᠤ ᠲᠡᠶᠢᠮᠦ ᠶᠡᠭᠡ ᠨᠥᠯᠥᠭᠡ ᠪᠣᠯᠬᠤ  ᠥᠬᠡᠶ᠂  ᠡᠶᠢᠮᠦ ᠠᠴᠠ ᠰᠠᠨᠠᠭᠠᠨ ᠳᠠᠭᠠᠨ ᠠᠪᠤᠭᠰᠠᠨ ᠤ ᠬᠡᠷᠡᠭ ᠥᠬᠡᠶ᠃ ᠬᠡᠷᠪᠡ ᠨᠦᠢᠷ ᠬᠤᠯᠵᠢᠬᠤ ᠳᠤ ᠬᠡᠲᠦᠷᠬᠡᠶ  ᠰᠠᠨᠠᠭ᠎ᠠ  ᠵᠣᠪᠠᠪᠠᠯ᠂ ᠭᠡᠳᠡᠷᠭᠦ ᠪᠠᠨ ᠦᠷᠭᠦᠯᠵᠢᠯᠡᠨ ᠨᠦᠢᠷ ᠬᠤᠯᠵᠢᠵᠤ᠂ ᠬᠤᠤᠷ ᠬᠥᠨᠥᠭᠡᠯ ᠤᠴᠠᠷᠠᠭᠤᠯᠬᠤ ᠪᠣᠯᠤᠨ᠎ᠠ᠃ ᠡᠶᠢᠮᠤ ᠨᠢᠭᠡᠨ ᠬᠥᠳᠡᠯᠭᠡᠭᠡᠨ ᠲᠠᠨ ᠢ ᠬᠤᠷᠳᠤᠨ ᠤᠨᠲᠠᠭᠤᠯᠤᠨ᠎ᠠ ᠃ ᠰᠢᠭᠡᠵᠡᠶ ᠬᠤᠷᠤᠭᠤ ᠪᠠᠷ ᠢᠶᠠᠨ ᠴᠢᠬᠢᠨ ᠤᠨᠵᠢᠯᠭ᠎ᠠ ᠶᠢ ᠲᠠᠷᠤᠵᠦ᠂  ᠪᠤᠰᠤᠳ  ᠬᠡᠳᠦᠨ  ᠬᠤᠷᠤᠭᠤ ᠪᠠᠨ  ᠠᠶᠠᠨᠳᠠᠭᠠᠨ ᠰᠤᠯᠠ ᠲᠠᠯᠪᠢᠨ᠎ᠠ᠂ ᠡᠨᠡ ᠦᠶ᠎ᠡ ᠳᠤ ᠳᠤᠮᠳᠠ ᠬᠤᠷᠤᠭᠤ ᠴᠢᠨᠢ ᠤᠨᠲᠠᠭᠤᠯᠬᠤ  ᠪᠠᠯᠴᠢᠷ   ᠢ  ᠳᠠᠷᠤᠬᠤ  ᠪᠣᠯᠬᠤᠷ  ᠤᠨᠲᠠᠭᠤᠯᠬᠤ ᠪᠠᠯᠴᠢᠷ ᠨᠢ ᠱᠠᠷᠬᠢᠷᠠᠵᠤ ᠴᠢᠨᠦᠷᠡᠬᠦ ᠮᠡᠲᠦ ᠰᠠᠨᠠᠭᠳᠠᠵᠤ᠂ ᠵᠢᠭᠠᠬᠠᠨ ᠳᠠᠷᠤᠭᠰᠠᠨ ᠤ  ᠳᠠᠷᠠᠭ᠎ᠠ ᠨᠤᠶᠢᠷ  ᠬᠦᠷᠴᠦ ᠡᠬᠢᠯᠡᠳᠡᠭ  ᠶᠤᠮ ᠭᠡᠵᠠᠢ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号