ᠵᠠᠯᠠᠭᠤ ᠪᠠᠶᠢᠬᠤ ᠶᠢᠨ ᠳᠣᠯᠠᠳᠠ ᠪᠠᠷᠢᠮᠳᠠᠯᠠᠬᠤ ᠳᠠᠳᠬᠠᠯ  ᠤᠳ
ᠨᠡᠶᠢᠲᠡᠯᠡᠭᠰᠡᠨ ᠴᠠᠭ᠄
2022/12/14
   1. ᠦᠲᠡᠯᠦᠨ ᠦᠲᠡᠯᠦᠲᠡᠯ᠎ᠡ ᠪᠠᠨ ᠰᠢᠨ᠎ᠡ ᠵᠦᠢᠯ ᠢ ᠰᠣᠷᠣᠯᠴᠠᠵᠦ ᠪᠠᠶᠢᠬᠤ ᠭᠡᠷᠡᠭᠳᠡᠢ᠃ ᠬᠥᠮᠥᠨ ᠨᠠᠰᠣᠨ ᠳᠣᠷᠰᠢᠳᠡ ᠰᠣᠷᠴᠦ ᠰᠣᠳᠣᠯᠵᠦ ᠪᠠᠶᠢᠬᠤ ᠪᠣᠯ ᠮᠠᠰᠢ ᠴᠢᠬᠤᠯᠠ ᠶᠤᠮ᠃ ᠰᠢᠨ᠎ᠡ ᠨᠢᠭᠡᠨ ᠬᠥᠭᠵᠢᠮ᠂ ᠨᠢᠭᠡ ᠳᠦᠷᠦᠯ ᠤᠨ ᠬᠡᠯᠡ᠂ ᠡᠰᠡᠬᠦᠯ᠎ᠡ ᠰᠢᠨ᠎ᠡ ᠬᠤᠭᠤᠯᠠ ᠪᠤᠳᠠᠭ᠎ᠠ ᠬᠢᠵᠦ ᠰᠣᠷᠴᠦ ᠣᠷᠣᠯᠳᠣᠵᠦ ᠪᠠᠶᠢᠭᠠᠷᠠᠢ᠃    2. ᠬᠠᠭᠤᠴᠢᠨ ᠳᠠᠳᠬᠠᠯ ᠪᠠ ᠦᠪᠡᠷ ᠤᠨ ᠢᠶᠠᠨ ᠲᠤᠷᠰᠢᠯᠭ᠎ᠠ ᠪᠠᠨ ᠯᠡ ᠮᠦᠷᠳᠡᠬᠦ ᠪᠢᠰᠢ᠂ ᠬᠠᠷᠢᠨ ᠰᠢᠨ᠎ᠡ ᠵᠦᠢᠯ ᠢ ᠵᠠᠯᠭ᠎ᠠ ᠰᠣᠨᠢᠷᠬᠠᠵᠤ ᠤᠷᠤᠯᠳᠣᠵᠦ ᠪᠠᠶᠢᠬᠤ ᠪᠣᠯ ᠵᠠᠯᠠᠭᠤ ᠨᠠᠰᠤᠨ ᠤ ᠬᠦᠬᠡᠬᠡᠴᠡᠯᠳᠦᠯ ᠶᠤᠮ᠃ ᠡᠨᠡ ᠨᠢ ᠦᠪᠡᠷ ᠢ ᠴᠢᠨᠢ ᠲᠠᠰᠣᠷᠠᠯᠳᠠ ᠦᠬᠡᠢ ᠰᠢᠨᠡᠴᠢᠯᠡᠵᠦ᠂ ᠰᠡᠳᠬᠢᠯ ᠰᠠᠨᠠᠭ᠎ᠠ ᠶᠢ ᠬᠠᠩᠬᠤᠯᠠᠭᠤᠨ ᠪᠠᠶᠢᠯᠭᠠᠳᠠᠭ᠃    3. ᠢᠯᠡᠬᠦᠬᠡᠨ ᠬᠦᠳᠡᠯᠵᠦ ᠪᠠᠢ᠃ ᠬᠦᠮᠦᠨ ᠬᠦᠭᠰᠢᠷᠡᠵᠦ ᠪᠢᠰᠢ ᠬᠦᠰᠢᠵᠦ ᠦᠬᠦᠳᠡᠭ ᠬᠡᠰᠡᠨ ᠦᠬᠡ ᠪᠠᠶᠢᠳᠠᠭ᠃ ᠥᠲᠡᠯᠬᠦ ᠠᠴᠠ ᠰᠡᠷᠬᠡᠶᠢᠯᠡᠬᠦ ᠳᠤ ᠪᠡᠶ᠎ᠡ ᠲᠠᠮᠢᠷ ᠤᠨ ᠪᠣᠯᠪᠠᠰᠤᠷᠠᠯ ᠶᠡᠭᠡ ᠴᠢᠬᠤᠯᠠ᠃ ᠳᠠᠷᠬᠠᠯᠠᠭ᠎ᠠ ᠶᠢ ᠴᠢᠨᠢ ᠰᠠᠶᠢᠵᠢᠷᠠᠭᠤᠯᠳᠠᠭ ᠤᠨ ᠲᠡᠭᠡᠷ᠎ᠡ ᠰᠡᠳᠬᠢᠯ ᠰᠠᠨᠠᠭᠠᠨ ᠤ ᠬᠤᠪᠢ ᠳᠤ ᠠᠶᠠᠳᠠᠢ ᠪᠤᠯᠭᠠᠳᠠᠭ᠃    4. ᠪᠦᠬᠦ ᠶᠠᠪᠤᠳᠠᠯ ᠢ ᠵᠦᠪ ᠳᠠᠯ᠎ᠠ ᠠᠴᠠ ᠨᠢ ᠰᠡᠳᠬᠢᠵᠦ ᠰᠣᠷ᠃ ᠠᠮᠢᠳᠤᠷᠠᠯ ᠳᠤ ᠰᠡᠳᠬᠢᠯ ᠰᠠᠨᠠᠭ᠎ᠠ ᠪᠤᠬᠢᠨᠢᠳᠣᠭᠤᠯᠬᠤ ᠶᠠᠪᠤᠳᠠᠯ ᠲᠣᠬᠢᠶᠠᠯᠳᠤᠬᠤ ᠨᠢ ᠵᠠᠶᠢᠯᠠᠰᠢ ᠦᠭᠡᠢ᠃ ᠬᠠᠷᠢᠨ ᠪᠤᠯᠵᠦ ᠦᠩᠭᠡᠷᠡᠭᠰᠡᠨ ᠶᠠᠪᠤᠳᠠᠯ ᠢ ᠦᠬᠡᠷᠡᠴᠢᠯᠡᠵᠦ ᠦᠯᠦ ᠴᠢᠳᠠᠪᠠᠴᠦ ᠡᠬᠦᠨ ᠳᠤ ᠶᠠᠭᠠᠬᠢᠵᠦ ᠬᠠᠨᠳᠣᠬᠤ ᠪᠤᠢ ᠬᠡᠳᠡᠭ ᠨᠢ ᠴᠢᠬᠤᠯᠠ ᠶᠤᠮ᠃ ᠠᠮᠢᠳᠤᠷᠠᠯ ᠶᠠᠭ ᠲᠣᠯᠢ ᠰᠢᠭ᠋᠂ ᠥᠭᠡᠳᠡ ᠠᠴᠠ ᠨᠢ ᠬᠠᠷᠠᠭᠠᠳ ᠮᠦᠰᠢᠶᠡᠬᠦ ᠳᠤ ᠲᠡᠷᠡ ᠮᠦᠨ ᠢᠨᠢᠶᠡᠮᠰᠦᠭᠯᠡᠨ᠎ᠡ᠃ ᠦᠬᠡᠳᠡ ᠦᠬᠡᠢ ᠲᠡᠰᠢ ᠨᠢ ᠪᠤᠳᠤᠭᠠᠳ ᠪᠠᠶᠢᠪᠠᠯ ᠪᠤᠯᠬᠤ ᠦᠬᠡᠢ ᠪᠦᠳᠦᠬᠦ ᠦᠬᠡᠢ ᠶᠠᠪᠤᠳᠠᠯ ᠤᠷᠢᠶᠠᠬᠤ ᠬᠡᠳ ᠯᠠ ᠪᠠᠶᠢᠳᠠᠭ᠃    5. ᠦᠪᠡᠷ ᠤᠨ ᠳᠤᠷ᠎ᠠ ᠰᠣᠨᠢᠷᠬᠠᠯ ᠲᠠᠢ ᠪᠠᠶᠢᠬᠤ ᠬᠡᠷᠡᠭᠲᠡᠢ᠃ ᠵᠠᠯᠠᠭᠤᠴᠤᠳ ᠶᠠᠳᠠᠵᠦ ᠨᠢᠬᠡ ᠵᠦᠢᠯ ᠳᠤ ᠳᠣᠷᠠᠳᠠᠢ ᠪᠠᠶᠢᠬᠤ ᠨᠢ ᠠᠮᠢᠳᠤᠷᠠᠯ ᠢ ᠰᠡᠳᠬᠢᠯ ᠬᠠᠩᠬᠤᠯᠠᠭᠤᠨ ᠳᠣᠭᠤᠯᠬᠤ ᠳᠤ ᠳᠣᠰᠠ ᠪᠤᠯᠳᠠᠭ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号