ᠶᠠᠭᠠᠬᠢᠵᠦ ᠬᠡᠪᠲᠡᠪᠡᠯ ᠨᠡᠩ ᠰᠠᠶᠢᠨ ᠠᠮᠠᠷᠠᠵᠦ ᠴᠢᠳᠠᠬᠤ ᠪᠤᠢ︖
ᠨᠡᠶᠢᠲᠡᠯᠡᠭᠰᠡᠨ ᠴᠠᠭ᠄
2021/4/8
     ᠵᠠᠷᠢᠮ ᠦᠶ᠎ᠡ ᠳᠤ᠂ ᠤᠨᠲᠠᠭᠠᠳ ᠰᠡᠷᠢᠬᠦ ᠳᠤ ᠶᠠᠳᠠᠷᠠᠭ᠎ᠠ ᠴᠢᠯᠡᠭᠡ ᠲᠠᠶᠢᠯᠤᠭᠳᠠᠬᠰᠡᠨ ᠦᠭᠡᠢ ᠮᠦᠷᠲᠡᠭᠡᠨ ᠭᠡᠳᠡᠷᠭᠦ ᠪᠠᠨ ᠪᠦᠬᠦ ᠪᠡᠶ᠎ᠡ ᠬᠦᠰᠢᠵᠦ᠂ ᠬᠦᠵᠦᠭᠦᠤ ᠨᠢᠷᠤᠭᠤ ᠡᠪᠡᠳᠳᠡᠭ᠃ ᠡᠨᠡ ᠨᠢ ᠶᠠᠭᠤᠨ ᠠᠴᠠ ᠪᠤᠯᠤᠬᠰᠡᠨ ᠪᠤᠯ︖      ᠡᠯᠢᠭᠡᠳᠡᠵᠦ ᠬᠡᠪᠲᠡᠬᠦ ᠨᠢ ᠨᠢᠷᠤᠭᠤᠨ ᠳᠤ ᠮᠠᠭᠤ      ᠵᠠᠷᠢᠮ ᠬᠦᠮᠦᠨ ᠤᠨᠲᠠᠬᠤ ᠠᠴᠠ ᠪᠠᠨ ᠡᠮᠦᠨ᠎ᠡ ᠡᠯᠢᠭᠡᠳᠡᠵᠦ ᠬᠡᠪᠲᠡᠭᠡᠳ ᠨᠤᠮ ᠦᠵᠡᠬᠦ ᠪᠤᠶᠤ ᠭᠠᠷ ᠤᠲᠠᠰᠦ ᠨᠠᠭᠠᠳᠴᠦ᠂ ᠨᠦᠢᠷ ᠬᠦᠷᠪᠡᠯ ᠲᠡᠷᠡ ᠬᠡᠪ ᠢᠶᠠᠷ ᠢᠶᠠᠨ ᠤᠨᠲᠠᠴᠢᠬᠠᠳᠠᠭ᠃ ᠪᠠᠭ᠎ᠠ ᠲᠤᠬᠬᠢᠭᠠᠳ ᠠᠪᠤᠪᠠᠯ ᠴᠦ ᠶᠠᠭᠠᠬᠢᠬᠤᠪ︕ ᠬᠠᠷᠢᠨ ᠰᠦᠨᠢᠵᠢᠨ ᠢᠡᠭᠬᠢᠭᠡᠳ ᠤᠨᠳᠠᠬᠤ ᠶᠤᠮ ᠪᠤᠯ ᠰᠡᠷᠡᠭᠰᠡᠨ ᠤ ᠳᠠᠷᠠᠭ᠎ᠠ ᠬᠦᠵᠦᠭᠦᠦ ᠨᠢᠷᠤᠭᠤ ᠡᠪᠡᠳᠴᠦ ᠮᠡᠳᠡᠨ᠎ᠡ᠃ ᠤᠴᠢᠷ ᠨᠢ ᠡᠯᠢᠭᠡᠳᠡᠵᠦ ᠬᠡᠪᠲᠡᠬᠦ ᠨᠢ ᠰᠡᠭᠡᠷ ᠪᠠ ᠨᠢᠷᠤᠭᠤᠨ ᠤ ᠬᠡᠪ ᠤᠨ ᠪᠠᠶᠢᠳᠠᠯ ᠢ ᠨᠦᠯᠦᠭᠡᠯᠡᠵᠦ᠂ ᠨᠤᠮᠤᠯᠵᠢᠨ ᠬᠡᠯᠪᠡᠷᠢ ᠲᠠᠢ ᠪᠤᠯᠵᠦ᠂ ᠠᠮᠢᠰᠬᠤᠬᠤ ᠳᠤ ᠲᠦᠭᠦᠮ ᠦᠭᠡᠢ ᠪᠤᠯᠬᠤᠷ ᠬᠦᠵᠦᠭᠦᠤ ᠪᠠᠨ ᠪᠠᠰᠠ ᠨᠢᠭᠡ ᠲᠡᠶᠢᠰᠢ ᠪᠠᠨ ᠬᠡᠯᠪᠠᠶᠢᠯᠭᠡᠳᠡᠭ᠃     ᠠᠲᠤᠷᠢᠵᠦ ᠬᠡᠪᠲᠡᠬᠦ ᠨᠢ ᠨᠢᠷᠤᠭᠤᠨ ᠳᠤ ᠮᠠᠭᠤ      ᠵᠠᠷᠢᠮ ᠬᠦᠮᠦᠨ ᠳᠠᠭᠠᠷᠠᠬᠰᠠᠭᠠᠷ ᠬᠦᠨᠵᠢᠯᠡ ᠳᠡᠭᠡᠨ ᠰᠢᠷᠭᠤᠵᠦ ᠠᠲᠤᠷᠢᠵᠦ ᠬᠡᠪᠲᠡᠳᠡᠭ᠂ ᠢᠡᠭᠭᠢ᠊‍ᠵᠦ ᠤᠷᠲᠦ ᠬᠤᠭᠤᠴᠠᠭ᠎ᠠ ᠪᠠᠷ ᠬᠡᠪᠳᠡᠪᠡᠯ ᠨᠢᠷᠤᠭᠤ ᠱᠠᠷᠬᠢᠷᠠᠨ ᠡᠪᠡᠳᠦᠨ᠎ᠡ᠃ ᠤᠴᠢᠷ ᠨᠢ ᠠᠲᠤᠷᠢᠵᠦ ᠬᠡᠪᠲᠡᠬᠦ ᠨᠢ ᠪᠦᠭᠲᠦ᠋ᠢᠭᠰᠡᠨ ᠲᠠᠢ ᠠᠳᠠᠯᠢ ᠪᠠᠶᠢᠵᠦ ᠨᠢᠷᠤᠭᠤ ᠪᠤᠯᠴᠢᠩ ᠪᠦᠷᠢᠮᠦᠰᠦᠨ ᠲᠠᠯᠪᠢᠬᠳᠠᠵᠦ ᠴᠢᠳᠠᠬᠤ ᠦᠭᠡᠢ ᠮᠦᠷᠲᠡᠭᠡᠨ ᠤᠯᠠᠮ ᠴᠢᠯᠡᠭᠡᠷᠬᠡᠵᠦ ᠨᠢᠷᠤᠭᠤ ᠱᠠᠷᠬᠢᠷᠠᠨ ᠡᠪᠡᠳᠳᠡᠭ᠃     ᠲᠡᠭᠡᠪᠡᠯ ᠶᠠᠭᠠᠬᠢᠵᠦ ᠬᠡᠪᠲᠡᠪᠡᠯ ᠵᠤᠬᠢᠬᠤ ᠪᠤᠢ︖      ᠳᠡᠭᠡᠭᠡᠰᠢ ᠬᠠᠷᠠᠵᠦ ᠬᠡᠪᠲᠡᠪᠡᠯ ᠬᠤᠷᠳᠤᠨ ᠤᠨᠲᠠᠳᠠᠭ᠂ ᠳᠡᠭᠡᠭᠰᠢ ᠬᠠᠷᠠᠵᠦ ᠲᠡᠭᠰᠢᠬᠡᠨ ᠬᠡᠪᠲᠡᠪᠡᠯ ᠨᠢᠷᠤᠭᠤ ᠬᠦᠵᠦᠭᠦᠨ ᠤ ᠪᠤᠯᠴᠢᠩ ᠰᠤᠯᠠᠷᠠᠵᠦ᠂ ᠴᠢᠯᠡᠭᠡ ᠲᠠᠶᠢᠯᠤᠭᠳᠠᠨ ᠪᠡᠶ᠎ᠡ ᠰᠡᠳᠬᠢᠯ ᠲᠠᠶᠢᠪᠤᠰᠢᠷᠠᠵᠦ ᠬᠤᠷᠳᠦᠨ ᠤᠨᠲᠠᠵᠤ ᠴᠢᠳᠠᠳᠠᠭ᠃ ᠡᠪᠦᠳᠦᠭ ᠲᠤᠤᠷ᠎ᠠ ᠪᠠᠨ ᠲᠡᠷ᠎ᠡ ᠪᠤᠶᠤ ᠲᠡᠪᠢᠰᠭᠡᠷ ᠲᠠᠯᠪᠢᠵᠦ ᠬᠡᠪᠲᠡᠪᠡᠯ ᠨᠢᠷᠦᠭᠤ ᠪᠠ ᠰᠡᠭᠡᠷ ᠤᠨ ᠡᠷᠡᠭᠦᠯ ᠮᠡᠨᠲᠦ ᠳᠤ ᠠᠰᠢᠬᠲᠠᠢ ᠪᠦᠭᠡᠳ ᠨᠢᠷᠤᠭᠤ ᠡᠪᠡᠳᠬᠦ ᠶᠢ ᠰᠡᠷᠭᠡᠶᠢᠯᠡᠬᠦ ᠪᠤᠶᠤ ᠨᠠᠮᠳᠠᠭᠠᠳᠠᠭ᠂ ᠬᠠᠵᠠᠭᠤᠯᠠᠵᠦ ᠭᠡᠪᠲᠡᠬᠦ ᠳᠡᠭᠡᠨ ᠲᠠᠷ᠎ᠡ ᠶᠢᠨ ᠦᠨᠳᠦᠷ ᠢ ᠨᠢᠳᠤᠷᠭ᠎ᠠ ᠶᠢᠨ ᠬᠢᠷᠢ ᠪᠠᠶᠢᠯᠭᠠᠪᠠᠯ ᠪᠤᠯᠴᠢᠬᠠᠨ᠎ᠡ᠃ ᠬᠡᠲᠦ ᠦᠨᠳᠦᠷ ᠪᠤᠶᠤ ᠬᠡᠲᠦ ᠲᠤᠤᠷ᠎ᠠ ᠲᠡᠷᠡᠯᠡᠬᠦ ᠦᠭᠡᠢ ᠪᠤᠯ ᠰᠠᠶᠢᠨ᠃      ᠲᠡᠬᠢᠪᠠᠯ ᠲᠤᠤᠷᠠᠬᠢ ᠭᠤᠷᠪᠠᠨ ᠵᠦᠢᠯ ᠤᠨ ᠬᠦᠮᠦᠨ ᠬᠠᠵᠠᠭᠤᠯᠠᠵᠦ ᠬᠡᠪᠲᠡᠪᠡᠯ ᠰᠠᠶᠢᠨ᠄      ᠨᠢᠭᠡ᠂ ᠬᠠᠮᠠᠷ ᠲᠠᠳᠠᠳᠠᠭ ᠬᠦᠮᠦᠨ      ᠲᠡᠭᠡᠭᠰᠢ ᠬᠠᠷᠠᠵᠦ ᠬᠡᠪᠲᠡᠪᠡᠯ ᠠᠮᠠ ᠠᠮᠠᠷᠬᠠᠨ ᠠᠩᠭᠠᠢᠢᠵᠦ᠂ ᠬᠡᠯᠡ ᠮᠡᠳᠡᠶᠢᠳᠠᠭ ᠠᠴᠠ ᠠᠮᠢᠰᠬᠤᠯ ᠤᠨ ᠵᠠᠮ ᠢ ᠬᠠᠷᠰᠢᠯᠠᠵᠦ᠂ ᠬᠠᠮᠠᠷ ᠲᠠᠳᠠᠬᠤ ᠨᠢ ᠠᠬᠠᠳᠠᠳᠠᠭ᠃ ᠬᠠᠷᠢᠨ ᠬᠠᠵᠠᠭᠤᠯᠠᠵᠦ ᠬᠡᠪᠲᠡᠪᠡᠯ ᠠᠮᠢᠰᠬᠤᠯ ᠤᠨ ᠵᠠᠮ ᠠᠶᠠᠨᠳᠠᠭᠠᠨ ᠰᠢᠯᠤᠭᠤᠳᠴᠦ᠂ ᠬᠤᠷᠬᠢᠷᠠᠬᠤ ᠪᠤᠶᠤ ᠬᠠᠮᠠᠷ ᠲᠡᠳᠠᠬᠤ ᠶᠢ ᠠᠶᠠᠨᠳᠠᠭᠠᠨ ᠨᠠᠮᠳᠠᠭᠠᠳᠠᠭ᠃     ᠬᠤᠶᠠᠷ᠂ ᠬᠦᠵᠦᠭᠦᠤ ᠨᠢᠷᠤᠭᠤᠨ ᠤ ᠠᠷᠬᠠᠭ ᠲᠠᠢ ᠬᠦᠮᠦᠨ     ᠬᠠᠵᠠᠭᠤᠯᠠᠵᠦ ᠬᠡᠪᠲᠡᠬᠦ ᠳᠡᠭᠡᠨ ᠬᠦᠯ ᠤᠨ ᠲᠤᠮᠳᠠ ᠪᠠᠨ ᠲᠡᠷ᠎ᠡ ᠪᠤᠶᠤ ᠲᠡᠪᠢᠰᠭᠡᠷ ᠬᠠᠪᠴᠢᠭᠤᠯᠪᠠᠯ ᠨᠢᠷᠤᠭᠤ ᠶᠢᠨ ᠡᠷᠡᠭᠦᠯ ᠮᠡᠨᠲᠦ ᠳᠤ ᠠᠰᠢᠬᠲᠠᠢ ᠮᠦᠷᠲᠡᠭᠡᠨ ᠨᠢᠷᠤᠭᠤ ᠡᠪᠳᠡᠬᠦ ᠶᠢ ᠰᠡᠷᠭᠡᠶᠢᠯᠡᠳᠡᠭ᠃      ᠭᠤᠷᠪᠠ᠂ ᠠᠮᠠᠷᠬᠠᠨ ᠰᠢᠷ᠎ᠠ ᠬᠤᠰᠤᠳᠠᠭ ᠬᠦᠮᠦᠨ      ᠠᠮᠠᠷᠬᠠᠨ ᠰᠢᠷ᠎ᠡ ᠬᠤᠰᠤᠳᠠᠭ ᠪᠤᠶᠤ ᠤᠷᠤᠢ ᠶᠢᠨ ᠬᠤᠭᠤᠯᠠ ᠪᠠᠨ ᠬᠡᠳᠦᠷᠡᠳᠡᠯ᠎ᠡ ᠢᠳᠡᠭᠰᠡᠨ ᠪᠤᠯ ᠪᠦᠰᠡᠯᠡᠭᠦᠷ ᠠᠴᠠ ᠳᠡᠭᠡᠭᠰᠢᠬᠢ ᠬᠡᠰᠡᠭ ᠤᠨ ᠤᠷᠦ ᠪᠠᠨ ᠵᠢᠭᠠᠬᠠᠨ ᠦᠨᠳᠦᠷ ᠪᠤᠯᠭᠠᠵᠦ ᠵᠠᠭᠦᠨ ᠲᠡᠯ᠎ᠡ ᠪᠠᠷ ᠢᠶᠠᠨ ᠬᠠᠵᠠᠭᠤᠯᠠᠵᠦ ᠬᠡᠪᠲᠡᠨ᠎ᠡ᠃ ᠢᠡᠭᠬᠢᠪᠡᠯ ᠰᠢᠷ᠎ᠡ ᠬᠤᠰᠤᠬᠤ ᠦᠭᠡᠢ ᠮᠦᠷᠲᠡᠭᠡᠨ ᠰᠠᠶᠢᠬᠠᠨ ᠠᠮᠠᠷᠠᠵᠦ ᠲᠡᠶᠢᠯᠦᠨ᠎ᠡ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号