2021 ᠤᠨ ᠤ 1 ᠰᠠᠷ᠎ᠠ ᠶᠢᠨ 13 ᠤ ᠡᠲᠦᠷ ᠪᠤᠯᠲᠠᠯ᠎ᠠ᠂ ᠤᠯᠤᠰ ᠤᠨ ᠲᠤᠲᠤᠭᠠᠲᠦ ᠶᠢᠨ ᠲᠤᠮᠲᠠ | ᠦᠨᠲᠦᠷ ᠲᠦᠭᠰᠢᠬᠦᠷᠢ ᠲᠠᠢ ᠭᠠᠵᠠᠷ ᠤᠷᠤᠨ ᠨᠢᠬᠡᠨᠳᠡ 85 ᠪᠤᠯᠵᠦ ᠨᠡᠮᠡᠭᠳᠡᠨ᠂ ᠬᠢᠵᠢᠭ ᠢ ᠰᠡᠷᠭᠡᠶᠢᠯᠡᠬᠦ ᠠᠵᠢᠯ ᠢ | ᠲᠦᠪᠡᠭ ᠪᠤᠲᠤᠯᠢᠶᠠᠨ ᠲᠠᠢ ᠪᠤᠯᠭᠠᠵᠠᠢ᠃ ᠬᠢᠵᠢᠭ ᠤᠨ ᠬᠤᠭᠤᠴᠠᠭᠠᠨ ᠳᠤ ᠪᠢᠳᠡ ᠴᠤᠬᠤᠮ ᠶᠠᠭᠤ ᠶᠢ ᠠᠩᠬᠠᠷᠪᠠᠯ | ᠵᠤᠬᠢᠬᠤ ᠪᠢᠯᠡ︖ ᠲᠤᠤᠷ᠎ᠠ 10 ᠵᠦᠢᠯ ᠢ ᠰᠠᠨᠠᠭᠤᠯᠤᠶ᠎ᠠ᠄ | 1. ᠲᠦᠭᠰᠢᠬᠦᠷᠢ ᠶᠢ ᠤᠮᠲᠤᠭᠠᠶᠢᠯᠠᠵᠦ ᠪᠤᠯᠬᠤ ᠦᠬᠡᠢ᠂ ᠡᠲᠦᠷ ᠬᠦᠢᠳᠡᠷᠡᠭᠰᠡᠨ ᠨᠢ ᠸᠢᠷᠦ᠋ᠰ ᠤᠨ | ᠦᠷᠡᠵᠢᠬᠦ ᠳᠤ ᠲᠤᠬᠢᠷᠠᠬᠰᠠᠨ ᠪᠤᠯᠬᠤᠷ ᠬᠠᠯᠲᠠᠪᠦᠷᠢᠯᠠᠬᠲᠠᠬᠤ ᠠᠶᠤᠯ ᠴᠦ ᠲᠠᠭᠠᠯᠲᠤᠭᠠᠳ ᠨᠡᠮᠡᠭᠳᠡᠵᠦ ᠪᠤᠢ᠂ ᠰᠤᠨᠤᠷ | ᠰᠡᠷᠡᠮᠵᠢ ᠪᠠᠨ ᠲᠡᠭᠡᠭᠰᠢᠯᠡᠬᠦᠯᠪᠡᠯ ᠵᠤᠬᠢᠨ᠎ᠠ᠃ | 2. ᠬᠤᠪᠢ ᠪᠡᠶ᠎ᠡ ᠪᠠ ᠭᠡᠷ ᠤᠨ ᠬᠦᠮᠦᠰ ᠤᠨ ᠢᠶᠠᠨ ᠭᠠᠲᠠᠭᠠᠲᠦ ᠠᠴᠠ ᠪᠤᠶᠤ ᠬᠢᠵᠢᠭ ᠤᠨ ᠡᠬᠦᠰᠦᠯ ᠤᠨ | ᠤᠷᠤᠨ ᠠᠴᠠ ᠪᠤᠴᠠᠵᠦ ᠢᠷᠡᠭᠰᠡᠨ ᠰᠤᠷᠠᠭ ᠢ ᠨᠢᠭᠤᠵᠦ ᠪᠤᠯᠬᠤ ᠦᠬᠡᠢ᠂ ᠰᠠᠨᠠᠭᠠᠴᠢᠯᠠᠭ᠎ᠠ ᠠᠴᠠ ᠪᠠᠨ ᠨᠡᠶᠢᠬᠡᠮ | ᠲᠤᠭᠤᠷᠢᠭ ︵ᠭᠠᠴᠠᠭ᠎ᠠᠲ᠋ᠤᠰᠬᠤᠨ︶ ᠲᠤ ᠪᠦᠷᠢᠳᠭᠡᠯᠭᠡᠨ᠂ ᠬᠢᠵᠢᠭ ᠠᠴᠠ ᠰᠡᠷᠭᠡᠶᠢᠯᠡᠨ ᠬᠢᠵᠢᠭ ᠢ ᠡᠵᠡᠮᠳᠡᠬᠦ | ᠪᠦᠲᠦᠮᠵᠢᠳᠡᠢ ᠠᠷᠭ᠎ᠠ ᠬᠡᠮᠵᠢᠶ᠎ᠡ ᠠᠪᠤᠪᠠᠯ ᠵᠤᠬᠢᠨ᠎ᠠ᠃ | 3. ᠤᠯᠠᠨ ᠲᠦᠮᠡᠨᠴᠢ ᠠᠵᠢᠯᠯᠠᠭ᠎ᠠ ᠶᠢ ᠵᠤᠬᠢᠶᠠᠨ ᠪᠠᠶᠢᠭᠤᠯᠵᠤ ᠪᠤᠯᠬᠤ ᠦᠬᠡᠢ᠂ ᠪᠤᠯᠭᠤᠭᠠᠨ ᠲᠤᠬᠤᠨᠢᠭᠤᠯᠬᠤ | ᠂ ᠦᠳᠡᠰᠢᠯᠡᠭᠡ ᠴᠤᠭᠯᠠᠭᠠᠨ ᠡᠷᠬᠢᠯᠡᠬᠦ᠂ ᠬᠤᠭᠤᠯᠠᠯᠠᠨ ᠨᠠᠶᠢᠷᠯᠠᠬᠤ᠂ ᠰᠦᠮ᠎ᠡ ᠶᠢᠨ ᠬᠤᠷᠠᠯ ᠳᠤ ᠤᠷᠤᠯᠴᠠᠬᠤ | ᠡᠰᠡᠬᠦᠯ᠎ᠡ ᠰᠢᠨ᠎ᠡ ᠵᠢᠯ ᠤᠨ ᠴᠤᠭᠯᠠᠭᠠᠨ ᠵᠡᠷᠭᠡ ᠶᠢ ᠵᠤᠬᠢᠶᠠᠨ ᠪᠠᠶᠢᠭᠤᠯᠵᠤ ᠪᠤᠯᠬᠤ ᠦᠬᠡᠢ᠃ ᠡᠷᠬᠡᠪᠰᠢ ᠵᠤᠬᠢᠶᠠᠨ | ᠪᠠᠶᠢᠭᠤᠯᠬᠤ ᠴᠢᠬᠤᠯᠠᠳᠠᠢ ᠪᠤᠯ ᠲᠡᠭᠡᠭᠰᠢ ᠮᠡᠳᠡᠬᠦᠯᠬᠦ ᠭᠡᠷᠡᠭᠳᠡᠢ᠃ | 4. ᠡᠪᠡᠳᠴᠢᠯᠡᠭᠰᠡᠨ ᠪᠠᠶᠢᠳᠠᠯ ᠲᠤᠤᠷ᠎ᠠ ᠪᠡᠶ᠎ᠡ ᠪᠠᠨ ᠠᠯᠪᠠᠲᠠᠵᠦ ᠠᠵᠢᠯᠯᠠᠵᠦ ᠰᠤᠷᠤᠯᠴᠠᠬᠤ᠂ ᠵᠢᠭᠤᠯᠴᠢᠯᠠᠬᠤ᠂ | ᠴᠤᠭᠯᠠᠭᠠᠨ ᠳᠤ ᠤᠷᠤᠯᠴᠠᠬᠤ ᠵᠡᠷᠭᠡ ᠶᠢ ᠲᠡᠪᠴᠢᠪᠡᠯ ᠵᠤᠬᠢᠨ᠎ᠠ᠃ ᠭᠡᠷᠪᠡ ᠠᠮᠢᠰᠬᠤᠯ ᠤᠨ ᠵᠠᠮ ᠤᠨ ᠡᠪᠡᠳᠴᠢᠨ ᠤ | ᠢᠯᠡᠷᠡᠯ ᠡᠬᠦᠰᠬᠦ᠂ ᠤᠨᠴᠠᠭᠠᠶᠢᠯᠠᠨ ᠬᠠᠯᠠᠭᠤᠷᠠᠬᠤ᠂ ᠬᠠᠨᠢᠶᠠᠬᠤ᠂ ᠠᠮᠢᠰᠬᠤᠯ ᠪᠠᠴᠢᠮᠲᠠᠬᠤ ᠵᠡᠷᠭᠡ ᠪᠠᠶᠢᠲᠠᠯ ᠢᠯᠡᠷᠡᠪᠡᠯ | ᠴᠠᠭ ᠲᠤᠬᠠᠢ ᠳᠤᠨᠢ ᠨᠡᠶᠢᠬᠡᠮ ᠲᠤᠭᠤᠷᠢᠭ ︵ᠭᠠᠴᠠᠭ᠎ᠠ ᠲᠤᠰᠬᠤᠨ︶ ᠲᠠᠭᠠᠨ ᠮᠡᠳᠡᠬᠦᠯᠵᠦ᠂ ᠬᠤᠪᠢ ᠬᠦᠮᠦᠨ ᠤ | ᠬᠠᠮᠠᠭᠠᠯᠠᠯᠲᠠ ᠰᠡᠷᠭᠡᠶᠢᠯᠡᠯᠳᠡ ᠪᠠᠨ ᠰᠠᠶᠢᠲᠦᠷ ᠬᠢᠬᠦ ᠶᠢᠨ ᠬᠠᠮᠳᠤ ᠡᠮᠨᠡᠯᠭᠡ ᠳᠤ ᠬᠦᠷᠴᠦ ᠡᠮᠨᠡᠬᠦᠯᠬᠦ ᠭᠡᠷᠡᠭᠳᠡᠢ᠃ | | 5. ᠲᠦᠬᠦᠬᠡᠢ ᠢᠳᠡᠭᠡᠨ᠂ ᠬᠦᠯᠳᠡᠭᠡᠭᠰᠡᠨ ᠢᠳᠡᠭᠡᠨ ᠵᠡᠷᠭᠡ ᠶᠢ ᠢᠳᠡᠬᠦ ᠦᠭᠡᠢ ᠪᠠᠶᠢᠬᠤ᠃ ᠬᠦᠯᠳᠡᠭᠡᠭᠰᠡᠨ | ᠢᠳᠡᠭᠡᠨ ᠢ ᠬᠤᠲᠠᠯᠲᠤᠨ ᠠᠪᠬᠤ ᠳᠠᠭᠠᠨ ᠡᠷᠭᠡᠪᠰᠢ ᠠᠮᠠᠪᠴᠢ ᠪᠠ ᠨᠢᠬᠡ ᠯᠠ ᠤᠲᠠᠭ᠎ᠠ ᠭᠡᠷᠡᠭᠯᠡᠬᠦ ᠪᠡᠭᠡᠯᠠᠢ ᠵᠡᠬᠦᠵᠦ᠂ | ᠢᠳᠡᠭᠡᠨ ᠲᠠᠢ ᠰᠢᠭᠤᠳ ᠬᠦᠷᠦᠯᠴᠡᠬᠦ ᠦᠬᠡᠢ ᠪᠠᠶᠢᠪᠠᠯ ᠵᠤᠬᠢᠨ᠎ᠠ᠃ | 6. ᠦᠨᠲᠦᠷ ᠲᠦᠭᠰᠢᠬᠦᠷᠢ ᠲᠠᠢ ᠤᠯᠤᠰ ᠪᠤᠶᠤ ᠭᠠᠵᠠᠷ ᠤᠷᠤᠨ ᠠᠴᠠ ᠰᠦᠯᠵᠢᠶᠡᠨ ᠪᠦᠲᠦᠭᠡᠭᠳᠡᠬᠦᠨ | ᠬᠤᠲᠠᠯᠲᠤᠨ ᠠᠪᠬᠤ ᠦᠭᠡᠢ ᠪᠠᠶᠢᠬᠤ᠃ ᠪᠤᠭᠤᠲᠠᠯ ᠪᠠᠭᠯᠠᠭ᠎ᠠ ᠪᠠ ᠪᠠᠷᠠᠭ᠎ᠠ ᠲᠠᠸᠠᠷ ᠢ 75% ᠶᠢᠨ ᠰᠫᠢᠷᠲ ᠢᠶᠠᠷ | ᠠᠷᠢᠭᠤᠳᠬᠠᠨ᠎ᠠ᠂ ᠭᠠᠷ ᠢᠶᠠᠨ ᠠᠮᠠ᠂ ᠬᠠᠮᠠᠷ᠂ ᠨᠢᠲᠦ ᠵᠡᠷᠭᠡ ᠲᠠᠢ ᠪᠠᠨ ᠬᠦᠷᠦᠯᠴᠡᠬᠦᠯᠬᠦ ᠦᠭᠡᠢ ᠪᠠᠶᠢᠵᠤ᠂ ᠲᠠᠷᠦ᠋ᠢᠬᠠᠨ | ᠤᠬᠢᠶᠠᠵᠦ ᠠᠷᠢᠭᠤᠳᠬᠠᠬᠤ ᠭᠡᠷᠡᠭᠳᠡᠢ᠃ | 7. ᠠᠮᠠᠪᠴᠢ ᠵᠡᠬᠦᠭᠰᠡᠨ ᠦᠬᠡᠢ ᠪᠠᠶᠢᠲᠠᠯ ᠲᠤᠤᠷ᠎ᠠ ᠬᠤᠲᠠᠯᠲᠤᠭ᠎ᠠ ᠲᠡᠯᠭᠡᠬᠦᠷ᠂ ᠨᠤᠭᠤᠭ᠎ᠠ ᠶᠢᠨ ᠵᠠᠬ᠎ᠠ᠂ | ᠤᠯᠠᠨ ᠨᠡᠶᠢᠳᠡ ᠶᠢᠨ ᠭᠠᠵᠠᠷ ᠲᠤ ᠤᠴᠢᠬᠤ ᠦᠬᠡᠢ᠂ ᠨᠡᠶᠢᠳᠡ ᠶᠢᠨ ᠮᠠᠰᠢᠨ ᠳᠤ ᠰᠠᠭᠤᠬᠤ ᠦᠬᠡᠢ ᠪᠠᠶᠢᠪᠠᠯ ᠵᠤᠬᠢᠨ᠎ᠠ᠃ | ᠠᠮᠠᠪᠴᠢ ᠡᠰᠡ ᠵᠡᠬᠦᠭᠰᠡᠳ ᠢ ᠤᠯᠠᠨ ᠨᠡᠶᠢᠳᠡ ᠶᠢᠨ ᠲᠠᠯᠠᠪᠤᠷ ᠲᠤ ᠤᠷᠤᠭᠤᠯᠵᠤ ᠪᠤᠯᠬᠤ ᠦᠬᠡᠢ᠃ | 8. ᠭᠡᠷᠡᠭᠯᠡᠵᠦ ᠦᠩᠭᠡᠷᠡᠭᠰᠡᠨ ᠠᠮᠠᠪᠴᠢ ᠪᠠᠨ ᠲᠤᠷ᠎ᠠ ᠪᠠᠷ ᠢᠶᠠᠨ ᠬᠠᠶᠠᠵᠦ ᠪᠤᠯᠬᠤ ᠦᠬᠡᠢ᠂ ᠰᠢᠨᠵᠢᠯᠡᠬᠦ | ᠤᠬᠠᠭᠠᠨᠴᠢ ᠪᠠᠷ ᠰᠢᠢᠳᠪᠦᠷᠢᠯᠡᠵᠦ᠂ ᠬᠤᠤᠷᠲᠦ ᠬᠤᠭ ᠨᠤᠪᠰᠢ ᠶᠢ ᠰᠢᠢᠳᠪᠦᠷᠢᠯᠡᠳᠡᠭ ᠬᠤᠭ ᠤᠨ ᠰᠠᠪᠠᠨ ᠳᠤ ᠬᠠᠶᠠᠬᠤ | ᠭᠡᠷᠡᠭᠳᠡᠢ᠃ | 9. ᠪᠤᠰᠤᠳ ᠬᠦᠮᠦᠨ ᠤ ᠬᠤᠪᠢ ᠶᠢᠨ ᠨᠢᠭᠤᠴᠠ ᠶᠢ ᠲᠤᠷ᠎ᠠ ᠪᠠᠷ ᠢᠶᠠᠨ ᠵᠠᠲᠠᠷᠠᠭᠤᠯᠵᠦ ᠪᠤᠯᠬᠤ ᠦᠬᠡᠢ᠃ | ᠡᠷᠭᠡ ᠰᠦᠷᠲᠦ ᠮᠡᠳᠡᠭᠡ ᠵᠠᠩᠬᠢ ᠶᠢᠨ ᠨᠡᠶᠢᠳᠡᠯᠡᠯ ᠢ ᠤᠯᠬᠤ ᠠᠴᠠ ᠡᠮᠦᠨ᠎ᠡ ᠴᠤᠤᠷᠬᠠᠯ ᠲᠠᠷᠬᠠᠭᠠᠵᠦ ᠪᠤᠯᠬᠤ ᠦᠬᠡᠢ᠂ | ᠴᠤᠤᠷᠬᠠᠯ ᠢ ᠢᠳᠡᠭᠡᠵᠦ ᠪᠤᠯᠬᠤ ᠦᠬᠡᠢ᠂ ᠲᠤᠷ᠎ᠠ ᠪᠠᠷ ᠮᠡᠳᠡᠭᠡ ᠵᠠᠩᠬᠢ ᠲᠠᠮᠵᠢᠭᠤᠯᠤᠨ ᠲᠠᠷᠬᠠᠭᠠᠵᠦ ᠪᠤᠯᠬᠤ ᠦᠬᠡᠢ᠃ | | 10. ᠬᠢᠵᠢᠭ ᠢ ᠰᠡᠷᠭᠡᠶᠢᠯᠡᠵᠦ ᠬᠢᠵᠢᠭ ᠢ ᠡᠵᠡᠮᠳᠡᠬᠦ ᠠᠵᠢᠯ ᠢ ᠬᠠᠷᠰᠢᠯᠠᠵᠦ᠂ ᠰᠠᠮᠠᠭᠤᠷᠠᠭᠤᠯᠵᠦ ᠪᠤᠯᠬᠤ | ᠦᠬᠡᠢ᠂ᠬᠢᠵᠢᠭ ᠢ ᠰᠡᠷᠭᠡᠶᠢᠯᠡᠵᠦ ᠬᠢᠵᠢᠭ ᠢ ᠡᠵᠡᠮᠳᠡᠬᠦ ᠲᠤᠭᠲᠠᠭᠠᠯ ᠢ ᠴᠢᠩᠭ᠎ᠠ ᠵᠢᠷᠤᠮᠯᠠᠪᠠᠯ ᠵᠤᠬᠢᠨ᠎ᠠ᠃ |