︽ᠤᠯᠤᠰ ᠤᠨ ᠬᠡᠦᠬᠡᠳ︾ ᠲᠤᠩᠭᠠᠯᠠᠭ
ᠨᠡᠶᠢᠲᠡᠯᠡᠭᠰᠡᠨ ᠴᠠᠭ᠄
2020/12/3
      ᠵᠠᠰᠠᠯ ᠴᠢᠮᠡᠭᠯᠡᠯ ᠳᠤ ᠪᠠᠭ᠋ᠠᠷᠬᠠᠯ ᠦᠬᠡᠢ ᠵᠠᠪᠰᠡᠭ ᠬᠤᠶᠠᠭ ᠰᠤᠷᠢᠬᠰᠠᠨ ᠬᠡᠤᠬᠡᠨ                                              ᠴᠢᠮᠡᠭᠡᠯᠡᠭᠴᠢ᠄ ᠨᠠ᠊᠂ ᠪᠠᠶᠠᠨᠵᠢᠷᠭᠠᠯ      ᠲᠠᠮᠤᠴᠢ ᠶᠢᠨ ᠲᠠᠯ᠎ᠠ ᠶᠢᠨ ᠡᠮᠤᠨ᠎ᠡ ᠵᠠᠬ᠎ᠠ ᠬᠤᠯᠠᠨ ᠰᠢᠷᠭ᠎ᠠ ᠳᠠᠭ᠎ᠠ ᠶᠢᠨ ᠡᠯᠡᠰᠤᠨ ᠤ ᠲᠡᠬᠡᠳᠤ ᠡᠬᠢᠨ ᠤ ᠵᠡᠬᠦᠨ ᠬᠦᠪᠡᠬᠡᠨ ᠳᠤ ᠦᠰᠤᠨ ᠳᠤᠷᠨᠢᠵᠤ᠂ ᠮᠤᠩᠭᠤᠯ ᠠᠷᠠᠳ ᠤᠨ ᠤᠯᠠᠮᠵᠢᠯᠠᠯᠳᠤ ᠰᠠᠶᠢᠬᠠᠨ ᠵᠠᠩ ᠦᠢᠯᠡ ᠳᠤ ᠬᠥᠮᠥᠵᠢᠭᠳᠡᠭᠰᠡᠨ ᠠᠷᠠᠳ ᠤᠨ ᠳᠠᠭᠤᠴᠢᠨ᠂ ᠤᠷᠠᠨ ᠤᠶᠤᠳᠠᠯᠴᠢᠨ᠂ ᠭᠠᠷᠮᠠᠭᠠᠢ ᠰᠠᠭᠠᠯᠢᠴᠢᠨ᠂ ᠵᠠᠪᠰᠡᠭᠳᠦ ᠡᠷᠤᠬᠡ ᠶᠢᠨ ᠴᠡᠷᠢᠭ ᠶᠠᠪᠤᠬᠰᠠᠨ᠂ ᠰᠦᠨᠢᠳ ᠨᠤᠳᠤᠭ ᠤᠨ ᠲᠤᠮᠤᠭᠠᠳᠠᠨ ᠲᠤᠩᠭᠠᠯᠠᠭ ᠢ ᠰᠤᠷᠪᠤᠯᠵᠢᠯᠠᠯ᠎ᠠ᠃      1958 ᠣᠨ ᠳᠤ ᠣᠣᠯ ᠤᠨ ᠠᠴᠢᠲᠣᠠᠭᠤᠯᠠ ᠨᠢᠭᠡᠳᠦᠯ ᠤᠨ ᠡᠷᠳᠡᠨᠢᠪᠣᠯᠠᠭ ᠪᠠᠷᠢᠭᠠᠳᠠ ᠶᠢᠨ ᠤᠯᠤᠰ ᠤᠨ ᠺᠠᠲᠠᠷ ᠮᠠᠯ ᠤᠨ ᠡᠮᠴᠢ ᠭᠤᠮᠪᠤᠵᠠᠪ᠂ ᠮᠠᠯᠴᠢᠨ ᠷᠢᠨᠴᠢᠮ᠎ᠠ ᠬᠤᠶᠠᠷ ᠦᠪᠡᠷ ᠢᠶᠠᠨ ᠬᠦᠦ ᠬᠡᠦᠬᠡᠨ ᠲᠠᠢ ᠪᠠᠶᠢᠭᠰᠠᠨ ᠴᠤ ᠡᠮᠦᠨ᠎ᠡ ᠤᠷᠤᠨ ᠠᠴᠠ ᠢᠷᠡᠭᠰᠡᠨ ᠤᠯᠤᠰ ᠤᠨ ᠬᠡᠤᠬᠡᠳ ᠲᠤᠩᠭᠠᠯᠠᠭ ᠢ ᠥᠷᠥ ᠡᠪᠡᠳᠳᠦᠨ ᠦᠷᠡᠴᠢᠯᠡᠨ ᠲᠡᠵᠢᠭᠡᠵᠠᠢ᠃ ᠪᠡᠶ᠎ᠡ ᠪᠠᠭᠤᠷᠠᠢ ᠪᠦᠳᠤᠬᠦᠨ ᠬᠡᠳᠡᠰᠤᠨ ᠠᠴᠠ ᠦᠬᠡᠷ᠎ᠡ ᠶᠠᠭᠤᠮ᠎ᠠ ᠦᠬᠡᠢ ᠲᠦᠩᠬᠡᠵᠤ ᠵᠢᠷᠭᠤᠭᠠᠨ ᠰᠠᠷ᠎ᠠ ᠲᠠᠢ ᠡᠷᠭᠦᠵᠦ ᠠᠪᠤᠭᠰᠠᠨ ᠨᠢᠯᠬ᠎ᠠ ᠦᠬᠢᠨ ᠢᠶᠠᠨ ᠦᠨᠢᠶᠡᠨ ᠰᠦ ᠪᠠᠷ ᠣᠭᠵᠢᠵᠣ ᠥᠰᠬᠡᠪᠡ᠃ ᠲᠡᠮᠡᠢ ᠤᠳᠠᠯ ᠦᠬᠡᠢ ᠪᠠᠰᠠ ᠨᠢᠭᠡ ᠲᠡᠬᠦᠦ ᠲᠠᠢ ᠪᠤᠯᠤᠭᠰᠠᠨ ᠲᠤᠩᠭᠠᠯᠠᠭ ᠠᠪᠤ ᠡᠵᠢ ᠠᠬ᠎ᠠ ᠡᠭᠡᠴᠢ ᠲᠡᠬᠦᠦ ᠲᠠᠢ ᠡᠯᠢᠭᠡ ᠪᠦᠲᠦᠨ ᠠᠮᠢᠳᠤᠷᠠᠯ ᠤᠨ ᠵᠣᠯ ᠵᠢᠷᠭᠠᠯ ᠢ ᠡᠳ᠋ᠯᠡᠬᠦ ᠪᠣᠯᠪᠠ᠃ ᠠᠪᠤ ᠡᠵᠢ ᠶᠢᠨ ᠬᠢᠨᠢ ᠠᠵᠢᠯ ᠦᠢᠯᠡᠰ ᠶᠠᠭᠠᠷᠠᠤ᠂ ᠦᠷ᠎ᠡ ᠬᠡᠦᠬᠡᠳ ᠤᠯᠠᠨᠲᠠᠢ ᠪᠤᠯᠬᠤᠷ ᠲᠤᠩᠭᠠᠯᠠᠭ ᠭᠤᠤᠯᠳᠠᠭᠤ ᠡᠮᠡᠭᠡ ᠡᠵᠢ ᠶᠢᠨ ᠢᠶᠠᠨ ᠡᠪᠤᠷ ᠲᠤ ᠡᠷᠬᠡᠯᠡᠨ ᠦᠰᠴᠤ ᠬᠦᠮᠤᠨ ᠪᠤᠯᠵᠡᠢ᠃
      ᠠᠷᠪᠠᠨ ᠨᠠᠢᠮᠠᠨ ᠨᠠᠰᠤᠨ ᠳᠠᠭᠠᠨ ᠵᠠᠪᠰᠡᠭᠳᠦ ᠡᠷᠤᠬᠡ ᠶᠢᠨ ᠴᠡᠷᠢᠭ ᠤᠨ ᠪᠤᠯᠪᠠᠰᠤᠷᠠᠯ ᠳᠤ      ᠲᠤᠩᠭᠠᠯᠠᠭ᠄ ︽ᠠᠪᠤ ᠮᠢᠨᠢ ᠠᠵᠢᠯ ᠦᠢᠯᠡᠰ ᠲᠡᠭᠡᠨ ᠮᠠᠰᠢ ᠬᠠᠷᠢᠭᠤᠴᠠᠯᠭ᠎ᠠ ᠲᠠᠢ᠂ ᠮᠠᠯ ᠡᠮᠨᠡᠯᠭᠡ ᠶᠢᠨ ᠮᠠᠷᠬᠡᠵᠢᠯ ᠲᠡᠭᠡᠨ ᠴᠠᠭᠠᠷᠠᠭᠰᠠᠨ ᠬᠦᠮᠦᠨ ᠪᠠᠶᠢᠯ᠎ᠠ᠃ ᠬᠠᠪᠤᠷ ᠵᠤᠨ ᠤ ᠤᠯᠠᠷᠢᠯ ᠤᠨ ᠲᠦᠯ ᠲᠤᠰᠴᠤ ᠪᠤᠶᠢᠵᠢᠭᠤᠯᠬᠤ ᠶᠠᠭᠠᠷᠠᠯᠲᠠᠢ  ᠴᠠᠭ ᠲᠤ ᠬᠡᠷ ᠲᠡᠭᠡᠨ ᠪᠠᠷᠤᠭ ᠢᠷᠡᠬᠦ ᠴᠢᠯᠤᠬᠡ ᠦᠬᠡᠢ ᠪᠠᠶᠢᠳᠠᠭ᠂ ᠠᠬ᠎ᠠ ᠲᠡᠬᠦᠤ ᠬᠡᠳᠤᠬᠦᠯᠡ ᠠᠪᠤ ᠪᠠᠨ ᠬᠠᠷᠢᠵᠤ ᠢᠷᠡᠬᠦ ᠶᠢ ᠬᠦᠯᠢᠶᠠᠵᠤ ᠶᠡᠭᠡ ᠰᠠᠨᠠᠳᠠᠭ ᠪᠠᠶᠢᠯ᠎ᠠ᠃ ᠮᠢᠨᠤ ᠡᠮᠡᠭᠡ ᠡᠵᠢ ᠪᠤᠯᠤᠨ ᠡᠵᠢ ᠲᠤᠩ ᠠᠵᠢᠯᠴᠢ ᠬᠦᠳᠡᠯᠮᠦᠷᠢᠴᠢ᠃ ᠲᠦᠯ ᠳᠤᠰᠴᠤ ᠪᠤᠶᠢᠵᠢᠭᠤᠯᠬᠤ᠂ ᠰᠦ ᠰᠠᠭᠠᠯᠢ᠂ ᠤᠷᠠᠨ ᠤᠶᠤᠳᠠᠯ ᠠᠯᠢᠨ ᠳᠤ ᠨᠢ ᠴᠤ ᠳᠠᠳᠮᠠᠭᠠᠢ ᠴᠠᠭᠠᠷᠠᠬᠰᠠᠨ ᠪᠠᠶᠢᠳᠠᠭ᠃ ᠪᠢ ᠮᠡᠳᠡᠭᠡ ᠣᠷᠣᠭᠰᠠᠨ ᠴᠠᠭ ᠠᠴᠠ ᠪᠠᠨ ᠠᠪᠣᠭᠠᠳ ᠡᠵᠢ ᠪᠠᠨ ᠳᠠᠭᠠᠵᠤ ᠬᠠᠪᠣᠷ ᠵᠣᠨ ᠪᠣᠯᠣᠭᠰᠠᠭᠠᠷ ᠯᠡ ᠬᠤᠷᠠᠭ᠎ᠠ ᠲᠣᠭᠤᠯ ᠢᠶᠠᠨ ᠬᠠᠷᠢᠭᠤᠯᠣᠨ᠂  ᠬᠤᠷᠠᠭ᠎ᠠ ᠲᠣᠭᠤᠯ ᠲᠠᠢ  ᠨᠣᠴᠤᠯᠳᠤᠵᠦ᠂  ᠦᠨᠢᠶ᠎ᠡ ᠰᠠᠭᠠᠬᠤ ᠰᠦ ᠰᠠᠭᠠᠯᠢ ᠪᠤᠯᠪᠠᠰᠤᠷᠠᠭᠤᠯᠬᠤ ᠶᠢ ᠰᠤᠷᠴᠤ ᠪᠠᠶᠢᠭᠰᠠᠨ ᠶᠤᠮ︾ ᠭᠡᠵᠦ ᠠᠪᠤ ᠡᠵᠢ ᠡᠮᠡᠭᠡ ᠪᠠᠨ ᠰᠠᠨᠠᠭᠠᠯᠵᠠᠨ ᠶᠠᠷᠢᠨ᠎ᠠ᠃
     ᠰᠢᠷᠢᠮᠠᠯ ᠤᠷᠠᠯᠠᠵᠤ ᠪᠠᠶᠢᠭ᠎ᠠ      ᠲᠤᠩᠭᠠᠯᠠᠭ᠄ ︽ᠰᠣᠷᠭᠠᠭᠤᠯᠢ ᠳᠤ ᠰᠠᠭᠤᠬᠤ ᠨᠠᠰᠣ ᠪᠤᠯᠠᠬᠤᠯᠠᠷ ᠠᠷᠠᠳ ᠤᠨ ᠰᠣᠷᠠᠭᠤᠯᠢ ᠶᠢᠨ ᠠᠯᠲᠠᠨ ᠪᠣᠱᠤᠭ᠎ᠠ ᠶᠢ  ᠠᠯᠬᠤᠨ ᠤᠷᠤᠵᠦ᠂ ᠠ ᠡ ᠢ ᠶᠢ ᠨᠢᠳᠤᠯᠠᠨ᠂ ᠤᠷᠤᠭ᠎ᠠ ᠪᠤᠰᠤᠭ᠎ᠠ ᠴᠠᠭ ᠡᠷᠡᠨ ᠶᠢ ᠲᠤᠭᠤᠯᠵᠤ᠂ ᠲᠦᠩᠬᠡᠵᠤ ᠪᠠᠭ᠎ᠠ ᠰᠤᠷᠭᠠᠭᠤᠯᠢ ᠶᠢᠨ ᠳᠠᠪᠤ ᠤᠨ ᠢᠶᠠᠨ  ᠲᠡᠭᠦᠰᠬᠡᠭᠡᠳ᠂ ᠬᠥᠳᠡᠭᠡ ᠬᠡᠷ ᠲᠡᠭᠡᠨ ᠪᠤᠴᠠᠨ ᠠᠪᠤ ᠡᠵᠢ   ᠳᠡᠭᠡᠨ ᠳᠤᠰᠠ ᠳᠡᠮ ᠪᠤᠯᠵᠦ ᠮᠠᠯ ᠮᠠᠯᠵᠢᠨ᠂ ᠰᠦ ᠰᠠᠭᠠᠯᠢ ᠶᠢᠨ ᠠᠵᠢᠯ ᠳᠤ ᠴᠠᠭᠠᠷᠠᠵᠤ ︿ᠰᠠᠭᠠᠯᠢᠴᠢᠨ ᠬᠡᠣᠬᠡᠨ﹀ ᠤ ᠠᠯᠳᠠᠷ ᠲᠠᠢ ᠶᠠᠪᠣᠵᠠᠢ᠃ ᠲᠡᠷᠡ ᠦᠶ᠎ᠡ ᠳᠤ ᠬᠢᠯᠢ ᠨᠤᠲᠤᠭ ᠢᠶᠠᠨ ᠬᠠᠮᠠᠭᠠᠯᠠᠨ᠎ᠠ ᠭᠡᠵᠦ ᠬᠦᠳᠡᠭᠡ ᠨᠤᠳᠤᠭ ᠤᠨ ᠪᠠᠭᠠᠴᠤᠳ ᠠᠷᠪᠠᠨ ᠵᠢᠷᠭᠤᠭᠠᠨ ᠨᠠᠰᠤ ᠬᠦᠷᠪᠡᠯ ᠵᠡᠪᠰᠡᠭᠳᠦ ᠡᠷᠤᠬᠡ ᠶᠢᠨ ᠴᠡᠷᠢᠭ ᠲᠤ ᠨᠡᠮᠡᠷᠢᠯᠡᠳᠡᠭ ᠪᠠᠶᠢᠯ᠎ᠠ᠃ ᠮᠠᠨ ᠤ ᠠᠴᠢᠳᠤᠠᠭᠤᠯᠠ ᠨᠢᠬᠡᠳᠤᠯ ᠤᠨ ᠵᠡᠪᠰᠡᠭᠳᠦ ᠬᠦᠴᠤᠨ ᠤ ᠬᠡᠯᠳᠡᠰ ᠲᠤ ᠴᠢᠶᠠᠨ ᠪᠠᠩ ᠬᠡᠳᠡᠭ  ᠵᠤᠤ ᠤᠳᠠ ᠨᠤᠳᠤᠭ ᠤᠨ ᠮᠤᠩᠭᠤᠯ ᠳᠠᠷᠤᠭ᠎ᠠ ᠪᠠᠶᠢᠬᠰᠠᠨ᠃ 1976 ᠤᠨ ᠳᠤ ᠳᠡᠷᠡ ᠳᠠᠷᠤᠭ᠎ᠠ ᠪᠢᠳᠡᠨ ᠢ ᠳᠠᠭᠠᠭᠤᠯᠵᠤ ᠪᠦᠷᠢᠳᠤ ᠪᠠᠷᠢᠭᠠᠳᠠ ᠶᠢᠨ ᠬᠠᠳᠠ ᠶᠢᠨ ᠨᠢᠷᠤᠭᠤ ᠬᠡᠳᠡᠭ ᠭᠠᠵᠠᠷ ᠲᠤ ᠮᠠᠨ ᠤ ᠬᠦᠷᠡᠩ ᠮᠤᠷᠢᠳᠤ ᠰᠤᠮᠤᠨ ︵ᠯᠢᠶᠠᠨ︶ ᠤ ᠵᠡᠪᠰᠡᠭᠳᠦ ᠡᠷᠤᠬᠡ ᠶᠢᠨ ᠴᠡᠷᠢᠭ ᠤᠨ ᠪᠤᠯᠪᠠᠰᠤᠷᠠᠯ ᠡᠷᠬᠢᠯᠡᠨ ᠴᠡᠷᠢᠭ ᠮᠤᠷᠢ ᠰᠤᠷᠢᠵᠤ᠂ ᠮᠤᠷᠢᠳᠤ  ᠴᠡᠷᠢᠭ  ᠤᠨ ᠦᠨᠳᠤᠰᠤᠨ ᠪᠤᠯᠪᠠᠰᠤᠷᠠᠯ᠂  ᠭᠠᠷᠨᠠᠳᠠ ᠰᠢᠳᠤᠬᠦ᠂ ᠵᠢᠩᠬᠢᠨᠢ ᠰᠤᠮᠤ ᠶᠢᠨ ᠬᠠᠷᠪᠤᠯᠳᠠ᠂ ᠮᠤᠷᠢ ᠪᠠᠨ ᠬᠡᠪᠳᠡᠬᠦᠯᠵᠤ ᠰᠤᠷᠭᠠᠬᠤ᠂ ᠮᠤᠷᠢᠨ ᠳᠡᠬᠡᠷ᠎ᠡ ᠠᠴᠠ ᠬᠠᠷᠪᠤᠬᠤ ᠵᠡᠷᠬᠡ  ᠶᠢ ᠰᠤᠷᠭᠠᠵᠤ ᠪᠠᠶᠢᠯ᠎ᠠ᠃ ᠪᠤᠯᠪᠠᠰᠤᠷᠠᠯ ᠨᠢᠬᠡ ᠬᠤᠭᠤᠴᠠᠭ᠎ᠠ ᠶᠠᠪᠤᠬᠳᠠᠭᠠᠳ ᠪᠦᠬᠦ ᠬᠤᠰᠢᠭᠤᠨ ᠤ ᠡᠯ᠎ᠡ ᠨᠢᠬᠡᠳᠤᠯ ᠤᠨ ᠵᠠᠪᠰᠡᠭᠳᠦ ᠡᠷᠤᠬᠡ ᠶᠢᠨ ᠴᠡᠷᠢᠭ ᠨᠢ ᠬᠠᠷ᠎ᠠ ᠮᠤᠷᠢᠳᠤ᠂ ᠬᠦᠷᠠᠩ ᠮᠤᠷᠢᠳᠤ᠂ ᠬᠡᠬᠡᠷ᠎ᠡ ᠮᠤᠷᠢᠳᠤ᠂ ᠴᠠᠭᠠᠨ ᠮᠤᠷᠢᠳᠤ ᠰᠤᠮᠤ ︵ᠯᠢᠶᠠᠨ︶ ᠬᠡᠵᠤ ᠦᠩᠬᠡ ᠵᠢᠰᠤᠮ ᠢᠯᠭᠠᠷᠠᠬᠰᠠᠨ ᠬᠡᠳᠤᠨ ᠵᠠᠭᠤᠨ ᠮᠤᠷᠢᠳᠤ ᠴᠡᠷᠢᠭ ᠤᠨ ᠡᠩᠨᠡᠭᠡ ᠲᠦᠷᠪᠡᠨ ᠵᠦᠭ ᠨᠠᠢᠮᠠᠨ ᠵᠤᠪᠬᠢᠰ ᠠᠴᠠ ᠬᠤᠰᠢᠭᠤᠨ ᠲᠦᠪ ᠰᠠᠶᠢᠬᠠᠨᠳᠠᠯ᠎ᠠ ᠳᠤ ᠬᠤᠷᠠᠨ  ᠴᠤᠭᠯᠠᠷᠠᠵᠦ᠂ ᠰᠦᠨᠢᠳ ᠪᠠᠷᠠᠭᠤᠨ ᠬᠤᠰᠢᠭᠤᠨ ᠤ ᠶᠢᠰᠤᠳᠤᠬᠡᠷ ᠤᠳᠠᠭᠠᠨ ᠤ ᠠᠷᠠᠳ ᠤᠨ ᠶᠡᠭᠡ ᠨᠠᠭᠠᠳᠤᠮ ᠤᠨ ᠦᠪᠡᠳᠡᠭᠰᠢ ᠶᠡᠭᠡ ᠡᠬᠢᠯᠡᠯᠳᠡ ᠶᠢᠨ ᠶᠤᠰᠤᠯᠠᠯ ᠳᠤ ᠤᠷᠤᠯᠴᠠᠵᠤ ᠮᠤᠷᠢᠲᠤ ᠴᠡᠷᠢᠭ ᠤᠨ ᠰᠤᠷᠢᠯᠳᠠ ᠦᠵᠡᠭᠦᠯᠦᠭᠰᠡᠨ ᠪᠠᠶᠢᠨ᠎ᠠ᠃ ᠡᠨᠡ ᠤᠳᠠᠭᠠᠨ ᠤ ᠡᠷᠤᠬᠡ ᠶᠢᠨ ᠴᠡᠷᠢᠭ ᠤᠨ ᠪᠤᠯᠪᠠᠰᠤᠷᠠᠯ ᠳᠤ ᠤᠷᠤᠯᠴᠠᠬᠤ ᠳᠤ ᠪᠢ ᠠᠷᠪᠠᠨ ᠨᠠᠢᠮᠠ ᠲᠠᠢ ᠵᠢᠭᠠᠬᠠᠨ ᠬᠡᠤᠬᠡᠨ ᠪᠠᠶᠢᠬᠰᠠᠨ᠂ ᠫᠠᠢ ᠬᠠᠷᠪᠤᠬᠤ ᠳᠠᠭᠠᠨ ᠠᠨᠠᠢ᠂ ᠪᠠᠷᠤᠭ ᠫᠤᠤ ᠠᠴᠠ ᠪᠠᠨ ᠦᠨᠳᠤᠷ ᠦᠬᠡᠢ ᠬᠡᠮᠡᠷ  ᠪᠠᠭ᠎ᠠ ᠪᠡᠶ᠎ᠡ ᠲᠠᠢ ᠪᠤᠯᠪᠠᠴᠤ ᠮᠤᠷᠢᠨ ᠳᠠᠭᠠᠨ ᠰᠠᠶᠢᠨ᠂ ᠠᠷᠳᠠᠭ ᠲᠤᠬᠰᠢᠨ ᠮᠤᠷᠢᠨ ᠠᠴᠠ ᠠᠶᠤᠬᠤ ᠦᠬᠡᠢ ᠪᠦᠷ ᠲᠡᠶᠢᠯᠤᠬᠡᠳ ᠤᠨᠤᠴᠢᠬᠠᠳᠠᠭ᠂ ᠡᠯ᠎ᠡ ᠵᠦᠢᠯ ᠤᠨ ᠪᠤᠯᠪᠠᠰᠤᠷᠠᠯ ᠳᠤ ᠪᠤᠰᠢᠭᠤ ᠱᠠᠯᠠᠮᠠᠭᠠᠢ᠂ ᠫᠤᠤ ᠰᠤᠮᠤ ᠪᠠᠨ ᠦᠷᠬᠦᠯᠵᠢ ᠠᠷᠴᠢᠵᠤ ᠵᠦᠯᠬᠦᠵᠤ ᠴᠡᠷᠢᠭ ᠬᠦᠮᠤᠨ ᠤ ᠶᠤᠰᠤᠭᠠᠷ ᠪᠠᠶ᠎ᠡ ᠪᠠᠨ ᠴᠢᠩᠭ᠎ᠠ ᠱᠠᠭᠠᠷᠳᠠᠳᠠᠭ ᠠᠴᠠ ︿︿ᠵᠠᠰᠠᠯ ᠴᠢᠮᠡᠭᠯᠡᠯ ᠳᠤ  ᠪᠠᠭ᠋ᠠᠷᠬᠠᠯ ᠦᠬᠡᠢ ᠵᠡᠪᠰᠡᠭ ᠬᠤᠶᠠᠭ ᠰᠤᠷᠢᠬᠰᠠᠨ ᠬᠡᠤᠬᠡᠨ﹀﹀ ᠬᠡᠵᠤ ᠤᠳᠤᠷᠢᠳᠤᠯᠭ᠎ᠠ ᠪᠤᠯᠤᠨ ᠤᠯᠠᠨ ᠨᠦᠬᠦᠳ ᠤᠨ ᠢᠶᠠᠨ ᠦᠨᠡᠯᠡᠯᠳᠡ ᠶᠢ ᠤᠯᠵᠤ ᠪᠠᠶᠢᠯ᠎ᠠ﹀﹀ ᠬᠡᠵᠤ ᠬᠠᠭᠤᠴᠢᠯᠠᠵᠤ  ᠶᠠᠷᠢᠨ᠎ᠠ᠃
     ᠬᠠᠨᠢ ᠨᠦᠬᠦᠷ ᠡᠷᠳᠡᠨᠢᠸᠠᠴᠢᠷ ᠪᠤᠯᠤᠨ ᠪᠠᠭ᠎ᠠ ᠤᠮᠪᠤᠯᠤ ᠲᠠᠢ ᠪᠠᠨ ᠬᠠᠮᠳᠤ ᠪᠠᠶᠢᠭ᠎ᠠ      1978 ᠣᠨ ᠳᠤ ᠲᠣᠰ ᠪᠠᠷᠢᠭᠠᠳᠠ ᠶᠢᠨ ᠢᠶᠠᠨ ᠪᠠᠭ᠎ᠠ ᠶᠢᠨ ᠳᠠᠨᠢᠯ ᠠᠵᠢᠯᠰᠠᠭ ᠵᠠᠯᠠᠭᠤ ᠡᠷᠳᠡᠨᠢᠸ᠋ᠴᠢᠷ ᠲᠠᠢ ᠭᠡᠷᠯᠡᠭᠰᠡᠨ ᠲᠤᠩᠭᠠᠯᠠᠭ᠂ ᠭᠤᠷᠪᠠᠨ ᠬᠦᠦ ᠪᠠᠨ ᠰᠤᠶᠤᠯ ᠪᠤᠯᠪᠠᠰᠤᠷᠠᠯ ᠬᠦᠷᠲᠡᠬᠡᠨ ᠣᠳᠣ ᠪᠦᠬᠦᠨ ᠢ ᠠᠶᠢᠯ ᠡᠷᠦᠬᠡ ᠪᠤᠯᠭᠠᠵᠤ ᠲᠦᠪᠬᠢᠨᠡᠬᠦᠯᠤᠬᠡᠳ᠂ ᠡᠪᠤᠬᠡᠨ ᠲᠠᠢ ᠪᠠᠨ ᠬᠤᠶᠠᠭᠤᠯᠠ ᠠᠴᠢ ᠨᠠᠷ ᠪᠠᠨ ᠲᠡᠪᠡᠷᠢᠴᠢᠬᠡᠭᠰᠡᠨ ᠦᠳᠡᠯᠤᠬᠡ ᠨᠠᠰᠤ ᠪᠠᠨ ᠪᠠᠶᠠᠷ ᠪᠠᠶᠠᠰᠣᠯ ᠲᠠᠢ ᠥᠩᠭᠡᠷᠡᠭᠡᠵᠦ ᠪᠠᠶᠢᠨ᠎ᠠ᠃
     ᠪᠠᠭ᠎ᠠ  ᠤᠮᠪᠤᠯᠤ ᠲᠠᠢ ᠪᠠᠨ ᠬᠠᠮᠳᠤ ᠪᠠᠶᠢᠭ᠎ᠠ        ᠲᠤᠩᠭᠠᠯᠠᠭ᠄ ︿︿ᠪᠢ ᠪᠠᠭ᠎ᠠ ᠠᠴᠠ ᠪᠠᠨ ᠡᠵᠢ ᠶᠢᠨ ᠢᠶᠠᠨ ᠰᠢᠷᠢᠳᠡᠭ ᠰᠢᠷᠢᠬᠦ᠂ ᠲᠡᠷᠯᠢᠭ ᠬᠤᠪᠴᠠᠰᠤ ᠡᠰᠬᠡᠵᠦ ᠤᠶᠤᠬᠤ ᠵᠡᠷᠬᠡ ᠤᠶᠤᠳᠠᠯ ᠦᠢᠯᠡ ᠶᠢ ᠪᠠᠭ᠋ᠠᠷᠬᠠᠨ ᠰᠤᠷᠴᠤ᠂  ᠰᠡᠬᠦᠯ ᠳᠤ ᠨᠢ ᠥᠪᠡᠷ ᠤᠨ ᠪᠡᠶ᠎ᠡ ᠪᠠᠨ ᠳᠠᠭᠠᠭᠠᠵᠣ᠂ ᠰᠢᠷᠢᠮᠡᠯ ᠰᠢᠷᠢᠬᠦ  ᠂ ᠬᠤᠪᠴᠠᠰᠤ ᠬᠤᠨᠠᠷ ᠣᠶᠣᠬᠤ ᠳᠤ ᠳᠡᠮᠡᠢ ᠯᠡ ᠲᠦᠪᠳᠡᠬᠦ ᠦᠭᠡᠢ ᠤᠷᠠᠯᠠᠵᠦ ᠤᠶᠤᠳᠠᠭ ᠪᠤᠯᠤᠭᠰᠠᠨ᠃ ᠡᠬᠦᠨ ᠠᠴᠠ ᠭᠠᠳᠠᠨ᠎ᠠ ᠦᠨᠢᠶ᠎ᠡ ᠰᠠᠭᠠᠬᠤ᠂ ᠴᠠᠭᠠᠨ ᠢᠳᠡᠭᠡ ᠬᠢᠬᠦ ᠵᠡᠷᠬᠡ ᠰᠦ ᠰᠠᠭᠠᠯᠢ ᠶᠢᠨ ᠠᠵᠢᠯ ᠪᠤᠯ ᠪᠦᠷ ᠶᠡᠷᠥ ᠶᠢᠨ ᠠᠵᠢᠯ᠃ ᠣᠳᠣ ᠵᠢᠷᠠ ᠭᠠᠷᠤᠬᠰᠠᠨ ᠪᠤᠯᠪᠠᠴᠤ᠂ ᠦᠪᠡᠷ ᠢᠶᠠᠨ ᠦᠨᠢᠶ᠎ᠡ ᠪᠠᠨ ᠰᠠᠭᠠᠵᠣ᠂ ᠴᠠᠭᠠᠨ ᠢᠳᠡᠭᠡ ᠪᠠᠨ ᠬᠢᠵᠦ᠂ ᠥᠪᠡᠷ ᠤᠨ  ᠢᠳᠡᠬᠦ ᠪᠠᠨ ᠬᠠᠩᠭᠠᠬᠤ ᠠᠴᠠ ᠭᠠᠳᠠᠨ᠎ᠠ᠂ ᠠᠬ᠎ᠠ ᠳᠡᠭᠦᠦ ᠨᠠᠶᠢᠵᠠ ᠨᠥᠬᠦᠳ ᠲᠡᠭᠡᠨ ᠥᠭᠬᠦ᠂ ᠢᠯᠡᠭᠦᠴᠡ ᠶᠢ ᠨᠢ ᠵᠠᠬ᠎ᠠ ᠵᠡᠭᠡᠯᠢ ᠳᠤ ᠬᠤᠳᠠᠯᠳᠣᠵᠣ᠂ ᠵᠢᠯ ᠳᠠᠭᠠᠨ ᠪᠠᠭ᠎ᠠ ᠪᠣᠰᠣ ᠶᠢᠨ ᠣᠷᠣᠯᠭ᠎ᠠ ᠣᠯᠵᠣ ᠡᠯᠪᠡᠭ ᠳᠡᠯᠪᠡᠭ ᠵᠠᠷᠤᠵᠤ ᠶᠠᠪᠣᠨ᠎ᠠ᠃ ᠦᠨᠤᠳᠤᠷ  ᠪᠢ ᠠᠵᠠ ᠵᠢᠷᠭᠠᠯ ᠲᠠᠢ ᠳᠠᠪᠳᠠᠢ ᠰᠠᠶᠢᠬᠠᠨ ᠪᠠᠶᠠᠨ ᠴᠢᠨᠡᠬᠡᠯᠢᠭ ᠠᠮᠢᠳᠤᠷᠠᠵᠤ ᠪᠠᠶᠢᠭ᠎ᠠ ᠨᠢ ᠪᠦᠷ ᠨᠠᠮ ᠲᠦᠷᠤ ᠶᠢᠨ ᠰᠠᠶᠢᠨ᠂ ᠠᠪᠤ ᠡᠵᠢ ᠶᠢᠨ ᠢᠪᠡᠬᠡᠯ ᠤᠨ ᠠᠴᠢ ᠪᠠᠷ ᠶᠤᠮ᠃ ᠠᠭᠤᠳᠠᠮ ᠰᠠᠶᠢᠬᠠᠨ ᠪᠠᠭᠳᠠᠭᠠᠮᠵᠢᠳᠠᠢ ᠰᠡᠳᠬᠢᠯ᠂ ᠮᠠᠯᠴᠢᠨ ᠮᠤᠩᠭᠤᠯ ᠬᠦᠮᠤᠨ ᠳᠤ  ᠪᠠᠶᠢᠳᠠᠭ  ᠲᠠᠪᠤᠨ ᠬᠤᠰᠢᠭᠤ ᠮᠠᠯ ᠤᠨ ᠢᠶᠠᠨ ᠲᠦᠯ ᠢ ᠴᠤ ᠬᠦᠷᠳᠡᠯ᠎ᠡ ᠬᠠᠶᠢᠷᠠᠯᠠᠨ ᠪᠥᠭᠡᠴᠡᠶᠢᠯᠡᠵᠦ ᠦᠰᠬᠡᠳᠡᠭ ᠡᠷᠬᠢᠮ  ᠨᠠᠨᠳᠢᠨ ᠵᠠᠩ ᠦᠢᠯᠡ ᠶᠢ  ᠤᠯᠠᠮᠵᠢᠯᠠᠨ᠂ ᠪᠢᠳᠡ ᠠᠬ᠎ᠠ ᠳᠡᠬᠦᠤ ᠬᠡᠳᠤᠬᠦᠯᠡ ᠪᠠᠨ ᠪᠠᠭ᠎ᠠ ᠠᠴᠠ ᠪᠠᠨ ᠡᠶ᠎ᠡ ᠡᠪᠲᠠᠢ᠂ ᠠᠪᠤ ᠡᠵᠢ ᠶᠢᠨ ᠢᠶᠠᠨ ᠬᠠᠶᠢᠷ᠎ᠠ ᠡᠨᠡᠷᠡᠯ ᠢ ᠠᠳᠠᠯᠢ ᠲᠡᠭᠰᠢ ᠤᠯᠵᠤ ᠡᠷᠬᠡ ᠳᠤᠷ᠎ᠠ ᠪᠠᠷ ᠢᠶᠠᠨ ᠦᠰᠤᠭ᠍ᠰᠡᠨ᠂ ᠰᠠᠨᠠᠬᠰᠠᠨ ᠢᠶᠠᠨ ᠬᠢᠵᠤ᠂ ᠪᠤᠳᠤᠬᠰᠠᠨ ᠢᠶᠠᠨ ᠪᠦᠳᠤᠬᠡᠵᠤ᠂ ᠥᠪᠡᠷ ᠢ ᠪᠠᠨ ᠡᠨᠡ ᠠᠶᠢᠯ ᠤᠨ ᠲᠦᠷᠤᠭ᠍ᠰᠡᠨ ᠬᠡᠤᠬᠡᠳ ᠨᠢ ᠬᠡᠵᠤ ᠢᠳᠡᠭᠡᠵᠦ ᠶᠠᠪᠤᠯ᠎ᠠ᠃ ᠪᠡᠶ᠎ᠡ ᠪᠠᠨ ᠡᠷᠬᠦᠮᠡᠯ ᠬᠡᠤᠬᠡᠳ ᠬᠡᠵᠤ ᠪᠦᠷ ᠮᠡᠳᠡᠬᠦ ᠦᠬᠡᠢ᠂ ᠡᠮᠦᠨᠡᠲᠦ ᠣᠷᠣᠨ ᠤ ᠥᠨᠦᠴᠢᠨ ᠬᠡᠣᠬᠡᠳ ᠭᠡᠰᠡᠨ ᠢ ᠬᠤᠵᠢᠮ ᠲᠤᠮᠤ ᠪᠤᠯᠵᠤ ᠬᠤᠷᠢ ᠭᠠᠷᠣᠭᠠᠳ ᠦᠬᠡᠷ᠎ᠡ ᠪᠤᠰᠤᠳ ᠬᠦᠮᠤᠨ ᠤ ᠶᠠᠷᠢᠶᠠᠨ ᠲᠤᠮᠳᠠ ᠠᠴᠠ ᠰᠡᠷᠡᠵᠦ ᠣᠶᠢᠯᠭᠠᠵᠣ ᠮᠡᠳᠡᠭᠰᠡᠨ ᠶᠣᠮ﹀﹀ ᠬᠡᠵᠤ ᠲᠤᠭᠳᠤᠯᠤᠨ ᠶᠠᠷᠢᠵᠤ ᠪᠠᠶᠢᠯ᠎ᠠ᠃    
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号