ᠡᠬᠡ ᠪᠢᠴᠢᠭ᠄ ᠳᠡᠯᠭᠡᠷᠴᠡᠴᠡᠭ ᠵᠢᠷᠤᠭ᠄ ᠪᠤᠯᠤᠷᠮ᠎ᠠ | ᠡᠨᠡ ᠡᠪᠤᠯ ᠤᠨ ᠠᠩᠬᠠᠨ ᠤ ᠴᠠᠰᠤ ᠰᠦᠨᠢᠳ ᠤᠨ ᠳᠠᠯ᠎ᠠ ᠨᠤᠳᠤᠭ ᠲᠤ ᠰᠠᠭᠠᠲᠠᠨ᠂ ᠮᠠᠯᠴᠢᠨ ᠲᠦᠮᠡᠨ ᠮᠠᠯ | ᠢᠶᠠᠨ ᠮᠡᠨᠳᠦ ᠡᠪᠦᠯᠵᠢᠬᠦᠯᠬᠦ ᠪᠡᠯᠡᠳᠭᠡᠯ ᠳᠤ ᠶᠠᠭᠠᠷᠠᠨ ᠪᠠᠶᠢᠬᠤ ᠳᠤ ᠪᠠᠰᠠ ᠨᠢᠭᠡ ᠪᠦᠯᠦᠭ ᠶᠠᠳᠠᠭᠤ ᠶᠢ ᠳᠡᠳᠬᠦᠬᠦ | ᠺᠠᠳᠠᠷ ᠮᠠᠯᠴᠢᠨ ᠠᠷᠠᠳ ᠤᠨ ᠢᠶᠠᠨ ᠲᠦᠯᠦᠬᠡ ᠰᠠᠨᠠᠭᠠᠰᠢᠷᠠᠨ᠎ᠠ᠃ ᠡᠳᠡᠨ ᠤ ᠨᠢᠬᠡᠨ ᠳᠠᠷᠤᠢ ᠪᠡᠭᠡᠵᠢᠩ ᠠᠴᠠ | ᠳᠤᠮᠢᠯᠠᠭᠳᠠᠨ ᠢᠷᠡᠭᠰᠡᠨ ᠵᠠᠯᠠᠭᠤᠬᠠᠨ ᠺᠠᠳᠠᠷ ᠶᠠᠩ ᠵᠢᠶᠠ ᠮᠢᠨ ᠪᠠᠶᠢᠭ᠎ᠠ ᠶᠤᠮ ᠃ | | | | | ᠪᠡᠭᠡᠵᠢᠩ ᠥᠪᠥᠷ ᠮᠣᠩᠭᠤᠯ ᠤᠨ ᠶᠠᠳᠠᠭᠤ ᠶᠢ ᠲᠡᠳᠬᠦᠬᠦ ᠬᠠᠮᠳᠤᠷᠠᠯᠴᠠᠭᠠᠨ ᠤ ᠳᠠᠩᠰᠠ ᠡᠪᠬᠡᠮᠡᠯ ᠢ ᠡᠮᠬᠢᠳᠬᠡᠨ᠂ | ᠬᠤᠷᠠᠯ ᠬᠤᠷᠠᠯᠳᠤᠭᠤᠯᠵᠤ ᠬᠤᠯᠪᠤᠭᠳᠠᠯ ᠪᠦᠬᠦᠢ ᠠᠵᠢᠯ ᠢ ᠪᠠᠶᠢᠷᠢᠯᠠᠭᠤᠯᠤᠨ᠂ ᠨᠢᠬᠡᠬᠡᠨ ᠮᠦᠴᠡ ᠴᠦ ᠰᠡᠯᠡᠬᠦᠦ | ᠰᠠᠭᠤᠯ ᠦᠬᠡᠢ ᠶᠠᠭᠠᠷᠠᠨ ᠪᠠᠶᠢᠭ᠎ᠠ ᠬᠢᠷᠢᠨ᠎ᠡ ᠶᠡᠭᠡ ᠴᠠᠰᠤᠨ ᠤ ᠪᠤᠯᠵᠤᠯᠳᠤ ᠴᠠᠭ ᠠᠭᠤᠷ ᠤᠨ ᠪᠠᠶᠢᠳᠠᠯ ᠳᠤ ᠮᠠᠯᠴᠢᠨ | ᠠᠷᠠᠳ ᠤᠨ ᠲᠦᠯᠦᠬᠡ ᠰᠠᠨᠠᠭᠠᠰᠢᠷᠠᠭᠰᠠᠨ ᠶᠠᠩ ᠵᠢᠶᠠ ᠮᠢᠨ ᠬᠠᠶᠠᠯᠠᠬᠤ ᠴᠠᠰᠤ ᠶᠢ ᠬᠠᠶᠢᠬᠤᠷᠤᠯ ᠦᠬᠡᠢ ᠬᠦᠳᠡᠭᠡ | ᠪᠠᠭᠤᠬᠤ ᠵᠠᠮ ᠢᠶᠠᠨ ᠡᠯᠬᠦᠯ᠎ᠡ᠃ | | | | | ᠡᠷᠢᠶᠡᠨᠨᠠᠭᠤᠷ ᠰᠤᠮᠤᠨ ᠤ ᠷᠠᠰᠢᠶᠠᠨᠲᠤ ᠭᠠᠴᠠᠭᠠᠨ ᠤ ᠮᠠᠯᠴᠢᠨ ᠤᠶᠤᠨᠮᠠᠩᠯᠠᠢ ᠶᠢᠨ ᠳᠤ ᠬᠦᠷᠴᠦ᠂ | ᠳᠡᠳᠡᠨᠡᠶᠢᠬᠢᠨ ᠪᠡᠯᠡᠳᠭᠡᠯ ᠰᠠᠶᠢᠳᠠᠢ ᠳᠤᠬᠢᠳᠠᠢ ᠡᠪᠦᠯᠵᠢᠵᠦ ᠪᠠᠶᠢᠭ᠎ᠠ ᠶᠢ ᠤᠶᠢᠯᠠᠭᠠᠭᠠᠳ ᠳᠠᠷᠠᠭᠠᠴᠢ ᠶᠢᠨ ᠡᠷᠦᠬᠡ ᠶᠢ | ᠴᠢᠭᠯᠡᠯ᠎ᠡ᠃ 2018 ᠤᠨ ᠤ 7 ᠰᠠᠷ᠎ᠠ ᠳᠤ ᠰᠦᠨᠢᠳ ᠪᠠᠷᠠᠭᠤᠨ ᠬᠤᠰᠢᠭᠤᠨ ᠳᠤ ᠳᠤᠮᠢᠯᠠᠭᠳᠠᠨ ᠢᠷᠡᠭᠰᠡᠨ ᠠᠴᠠ | ᠤᠳᠤ ᠪᠤᠯᠳᠠᠯ᠎ᠠ ᠬᠦᠳᠡᠭᠡ ᠪᠠᠭᠤᠵᠤ ᠡᠷᠦᠬᠡ ᠳᠤ ᠬᠦᠨᠵᠡᠭᠡᠶᠢᠷᠡᠬᠦ ᠨᠢ ᠨᠢᠭᠡᠨᠳᠡ ᠳᠡᠬᠦᠨ ᠤ ᠵᠤᠷᠰᠢᠯ ᠪᠤᠯᠵᠤ᠂ | ᠰᠦᠨᠢᠳ ᠤᠨ ᠳᠠᠯ᠎ᠠ ᠶᠢ ᠬᠤᠶᠠᠳᠠᠬᠢ ᠨᠤᠳᠤᠭ ᠢᠶᠠᠨ ᠬᠡᠮᠡᠨ ᠰᠠᠨᠠᠵᠤ᠂ ᠰᠦᠨᠢᠳ ᠤᠨ ᠠᠷᠠᠳ ᠲᠦᠮᠡᠨ ᠢ ᠡᠯᠢᠭᠡᠨ | ᠰᠠᠳᠤᠨ ᠢᠶᠠᠨ ᠬᠡᠮᠡᠨ ᠪᠤᠳᠤᠳᠠᠭ ᠪᠤᠯᠵᠠᠢ᠃ | 2019 ᠤᠨ ᠪᠤᠯ ᠳᠡᠬᠦᠨ ᠤ ᠬᠤᠪᠢ ᠳᠤ ᠬᠠᠮᠤᠭ ᠶᠠᠭᠠᠷᠠᠤ ᠮᠦᠷᠳᠡᠭᠡᠨ ᠤᠯᠤᠯᠳᠠ ᠠᠮᠵᠢᠯᠳᠠᠳᠠᠢ ᠨᠢᠬᠡ | ᠵᠢᠯ᠂ ᠪᠡᠭᠡᠵᠢᠩ ᠥᠪᠥᠷ ᠮᠣᠩᠭᠤᠯ ᠤᠨ ᠶᠠᠳᠠᠭᠤ ᠶᠢ ᠲᠡᠳᠬᠦᠬᠦ ᠬᠠᠮᠳᠤᠷᠠᠯᠴᠠᠭᠠᠨ ᠤ ᠠᠵᠢᠯ ᠤᠨ ᠰᠢᠯᠳᠠᠭᠠᠨ ᠢᠶᠠᠷ | ᠣᠯᠠᠨ ᠤᠳᠠᠭ᠎ᠠ ᠪᠡᠭᠡᠵᠢᠩ ᠳᠤ ᠬᠠᠷᠢᠵᠦ ᠬᠤᠷᠠᠯ ᠬᠢᠳᠡᠭ ᠴᠤ᠂ ᠪᠡᠭᠡᠵᠢᠩ ᠥᠪᠥᠷ ᠮᠣᠩᠭᠤᠯ ᠤᠨ ᠠᠵᠢᠯ ᠢ | ᠵᠤᠬᠢᠴᠠᠭᠤᠯᠤᠨ ᠶᠠᠭᠠᠷᠠᠭᠠᠳ᠂ ᠬᠠᠷᠢᠨ ᠭᠡᠷ ᠲᠤ ᠪᠠᠨ ᠬᠠᠷᠢᠵᠤ ᠵᠠᠪᠳᠤᠳᠠᠭ ᠦᠬᠡᠢ᠃ ᠤᠳᠤᠷᠢᠳᠤᠯᠭ᠎ᠠ᠂ ᠬᠠᠮᠳᠤ | ᠠᠵᠢᠯᠯᠠᠭᠴᠢᠳ ᠨᠢ ᠦᠷᠬᠦᠯᠵᠢ ᠳᠡᠬᠦᠨ ᠢ ︽ᠳᠡᠷᠭᠡᠳᠡᠬᠦᠷ ᠨᠢ ᠦᠩᠭᠡᠷᠡᠬᠦ ᠠᠴᠠ ᠪᠢᠰᠢ ᠭᠡᠷ ᠲᠤ ᠪᠠᠨ ᠤᠷᠤᠬᠤ | ᠦᠬᠡᠢ︾ ᠬᠡᠵᠦ ᠳᠤᠭᠯᠠᠭᠠᠮ ᠪᠤᠯᠭᠠᠨ ᠶᠠᠷᠢᠳᠠᠭ ᠴᠦ᠂ ︽ᠪᠠᠭ᠎ᠠ ᠭᠡᠷ︾ ᠢᠶᠠᠨ ᠤᠮᠠᠷᠳᠠᠨ ︽ᠶᠡᠭᠡ ᠭᠡᠷ︾ ᠤᠨ | ᠲᠦᠯᠦᠭᠡ ᠵᠢᠳᠬᠦᠳᠡᠭ ᠳᠡᠬᠦᠨ ᠢ ᠪᠦᠬᠦᠳᠡ ᠪᠢᠰᠢᠷᠡᠨ ᠬᠦᠨᠳᠦᠳᠭᠡᠳᠡᠭ᠃ | | | ᠶᠠᠳᠠᠭᠤ ᠠᠴᠠ ᠠᠩᠭᠢᠵᠢᠷᠠᠭᠤᠯᠬᠤ ᠠᠵᠢᠯ ᠤᠨ ᠶᠠᠪᠤᠴᠠ ᠳᠤ ᠲᠡᠷᠡ᠂ ᠶᠠᠳᠠᠭᠤ ᠬᠦᠴᠢᠷᠳᠡᠯᠲᠡᠢ ᠤᠯᠠᠨ | ᠲᠦᠮᠡᠨ ᠤ ᠰᠠᠶᠢᠨ ᠰᠠᠶᠢᠬᠠᠨ ᠠᠮᠢᠳᠤᠷᠠᠬᠤ ᠬᠦᠰᠡᠯ ᠡᠷᠡᠮᠡᠯᠵᠡᠯ ᠢ ᠭᠦᠨᠵᠡᠭᠡᠢ ᠣᠶᠢᠯᠠᠭᠠᠵᠤ᠂ ᠭᠤᠷᠪᠠᠨ ᠵᠢᠯ ᠤᠨ | ᠲᠤᠷᠰᠢ᠂ ᠪᠡᠭᠡᠵᠢᠩ ᠥᠪᠥᠷ ᠮᠣᠩᠭᠤᠯ ᠤᠨ ᠡᠳ᠋ ᠤᠨ ᠵᠠᠰᠠᠭ ᠤᠨ ᠲᠤᠰᠠᠯᠠᠮᠵᠢ ᠶᠢᠨ ᠪᠡᠯᠡ ᠮᠦᠩᠭᠦ 8000 ᠭᠠᠷᠤᠶ | ᠲᠦᠮᠡᠨ ᠲᠥᠭᠦᠷᠢᠭ ᠢ ᠠᠰᠢᠭᠯᠠᠨ᠂ ᠪᠡᠭᠡᠵᠢᠩ ᠥᠪᠥᠷ ᠮᠣᠩᠭᠤᠯ ᠤᠨ ᠬᠠᠮᠳᠤᠷᠠᠯᠴᠠᠭᠠᠨ ᠤ 61 ᠲᠥᠷᠥᠯ ᠵᠦᠢᠯ ᠢ | ᠱᠠᠯᠠᠪᠳᠠᠭᠤᠯᠤᠨ ᠬᠡᠷᠡᠭᠵᠢᠭᠦᠯᠵᠦ᠂ ᠺᠠᠷᠲ ᠳᠤ ᠳᠠᠩᠰᠠᠯᠠᠭᠳᠠᠭᠰᠠᠨ ᠶᠠᠳᠠᠭᠤ ᠬᠦᠴᠢᠷᠳᠡᠯᠲᠡᠢ ᠡᠷᠦᠬᠡ ᠶᠢᠨ ᠬᠢᠨ ᠢ | 14000 ᠭᠠᠷᠤᠢ ᠬᠥᠮᠦᠨ ᠤᠳᠠᠭ᠎ᠠ ᠳᠠᠶᠢᠴᠢᠯᠠᠨ᠂ 90 ᠤᠳᠠᠭ᠎ᠠ ᠠᠵᠢᠯ ᠵᠤᠯᠭᠠᠭᠤᠯᠵᠤ᠂ ᠪᠡᠭᠡᠵᠢᠩ ᠤᠨ ᠳ᠋ᠡ | ᠰᠢᠩ ᠳᠤᠭᠤᠷᠢᠭ ᠤᠨ ᠲᠤᠰᠠᠯᠠᠬᠤ ᠮᠡᠷᠭᠡᠵᠢᠯᠲᠡᠨ ᠢ 76 ᠬᠥᠮᠦᠨ ᠤᠳᠠᠭ᠎ᠠ ᠵᠣᠬᠢᠴᠠᠭᠤᠯᠵᠤ᠂ ᠲᠤᠰ | ᠬᠤᠰᠢᠭᠤᠨ ᠤ ᠰᠤᠷᠭᠠᠨ ᠬᠥᠮᠦᠵᠢᠯ ᠡᠮ ᠡᠮᠨᠡᠯᠭᠡ ᠵᠡᠷᠭᠡ ᠶᠢᠨ ᠪᠣᠳᠠᠲᠤ ᠬᠦᠴᠦᠨ ᠤ ᠳᠡᠭᠡᠭᠰᠢᠯᠡᠯᠳᠡ ᠶᠢ ᠠᠬᠢᠭᠤᠯᠤᠨ᠂ | ᠢᠯᠠᠩᠭᠤᠶ᠎ᠠ ᠳᠤᠬᠠᠢ ᠶᠢᠨ ᠭᠠᠵᠠᠷ ᠤᠨ ᠵᠢᠯ ᠳᠤᠮᠳᠠᠴᠢ ᠶᠢᠨ ᠲᠤᠨᠳᠠᠰᠤᠨ ᠤ ᠬᠡᠮᠵᠢᠶ᠎ᠡ 200 ᠮᠢᠯᠢᠮᠧᠲᠷ ᠲᠤ | ᠬᠦᠷᠬᠦ ᠦᠭᠡᠢ ᠪᠤᠯᠪᠠᠴᠤ ᠠᠭᠤᠷᠰᠢᠯᠲᠠ ᠶᠢᠨ ᠬᠡᠮᠵᠢᠶ᠎ᠡ ᠨᠢ ᠬᠠᠷᠢᠨ 2000 ᠮᠢᠯᠢᠮᠧᠲᠷ ᠠᠴᠠ ᠳᠡᠭᠡᠭᠰᠢ ᠳᠤ ᠬᠦᠷᠳᠡᠭ | ᠪᠤᠳᠠᠳᠤ ᠪᠠᠶᠢᠳᠠᠯ ᠳᠤ ᠴᠢᠭᠯᠡᠬᠦᠯᠵᠦ᠂ ᠤᠷᠢᠳ ᠬᠤᠵᠢᠳ ᠪᠡᠭᠡᠵᠢᠩ ᠥᠪᠥᠷ ᠮᠣᠩᠭᠤᠯ ᠤᠨ ᠶᠠᠳᠠᠭᠤ ᠶᠢ ᠲᠡᠳᠬᠦᠬᠦ | ᠪᠡᠯᠡ ᠮᠥᠩᠭᠦ ᠶᠢ 1100 ᠭᠠᠷᠤᠶ ᠲᠦᠮᠡᠨ ᠲᠥᠭᠦᠷᠢᠭ ᠠᠰᠢᠭᠯᠠᠵᠤ᠂ ᠪᠦᠬᠦ ᠬᠤᠰᠢᠭᠤᠨ ᠤ ᠬᠡᠪᠴᠢᠶᠡᠨ ᠳᠤ ︽ | ᠤᠰᠤ ᠤᠮᠳᠠ ᠪᠠᠷ ᠠᠷᠠᠳ ᠤᠨ ᠰᠡᠳᠬᠢᠯ ᠢ ᠤᠮᠳᠠᠯᠠᠬᠤ︾ ᠢᠨᠵᠧᠨᠧᠷᠢᠩ ᠢ ᠲᠥᠯᠥᠪᠯᠡᠭᠡ ᠲᠠᠢ ᠠᠯᠬᠤᠮ ᠬᠤᠪᠢᠶᠠᠨ | ᠬᠡᠷᠡᠭᠵᠢᠭᠦᠯᠵᠦ᠂ ᠤᠰᠤᠨ ᠤ ᠡᠬᠢ ᠶᠢᠨ ᠬᠤᠳᠳᠤᠭ ᠤᠨ ᠪᠠᠶᠢᠭᠤᠯᠤᠯᠲᠠ᠂ ᠲᠥᠪᠯᠡᠷᠡᠭᠦᠯᠦᠨ ᠤᠰᠤ ᠬᠠᠩᠭᠠᠬᠤ᠂ | ᠤᠰᠤ ᠬᠠᠳᠠᠭᠠᠯᠠᠬᠤ ᠵᠣᠭᠤᠷᠢ ᠪᠠ ᠤᠰᠤ ᠲᠠᠲᠠᠬᠤ ᠲᠡᠷᠭᠡ ᠵᠡᠷᠭᠡ ᠲᠥᠷᠥᠯ ᠵᠦᠢᠯ ᠢ ᠥᠷᠨᠢᠭᠦᠯᠵᠦ᠂ 689 ᠶᠠᠳᠠᠭᠤ | ᠬᠦᠴᠢᠷᠳᠡᠯᠲᠡᠢ ᠬᠥᠮᠦᠰ ᠲᠤ ᠠᠰᠢᠭ ᠬᠦᠷᠲᠡᠭᠡᠵᠦ᠂ ᠲᠤᠬᠠᠢ ᠶᠢᠨ ᠭᠠᠵᠠᠷ ᠤᠨ ᠶᠠᠳᠠᠭᠤ ᠠᠴᠠ ᠠᠩᠭᠢᠵᠢᠷᠠᠭᠤᠯᠬᠤ | ᠠᠵᠢᠯ ᠪᠠ ᠲᠣᠭᠲᠠᠭᠤᠨ ᠢᠶᠠᠷ ᠶᠠᠳᠠᠭᠤ ᠠᠴᠠ ᠠᠩᠭᠢᠵᠢᠷᠠᠬᠤ ᠳᠤ ᠨᠢ ᠬᠦᠴᠦᠨ ᠴᠢᠳᠠᠯ ᠢᠶᠠᠨ ᠡᠷᠭᠦᠭᠰᠡᠭᠡᠷ ᠢᠷᠡᠵᠡᠢ᠃ | ︽ᠲᠤᠰᠢᠶᠠᠯ ᠡᠭᠦᠷᠭᠡᠯᠡᠭᠰᠡᠨ ᠺᠠᠳᠠᠷ ᠪᠣᠯ ᠪᠡᠭᠡᠵᠢᠩ ᠥᠪᠥᠷ ᠮᠣᠩᠭᠤᠯ ᠤᠨ ᠶᠠᠳᠠᠭᠤ ᠶᠢ ᠲᠡᠳᠬᠦᠬᠦ | ᠬᠠᠮᠳᠤᠷᠠᠯᠴᠠᠭᠠᠨ ᠤ ᠬᠥᠭᠦᠷᠭᠡ ᠮᠥᠨ᠃ ᠣᠬᠤᠷᠬᠠᠨ ᠭᠤᠷᠪᠠᠨ ᠵᠢᠯ ᠳᠤ᠂ ᠰᠥᠨᠢᠳ ᠪᠠᠷᠠᠭᠤᠨ ᠬᠤᠰᠢᠭᠤᠨ ᠤ | ᠤᠰᠤ ᠬᠡᠷᠡᠭᠯᠡᠬᠦ ᠳᠤ ᠬᠦᠴᠢᠷᠲᠡᠶ ᠪᠠᠶᠢᠭᠰᠠᠨ ᠠᠴᠠ ᠠᠮᠤᠷ ᠲᠦᠪᠰᠢᠨ ᠤᠤᠭᠤᠬᠤ ᠤᠰᠤ ᠲᠠᠢ ᠪᠤᠯᠤᠭᠰᠠᠨ᠂ | ᠡᠪᠡᠳᠴᠢᠨ ᠦᠵᠡᠭᠦᠯᠬᠦ ᠳᠤ ᠬᠦᠴᠢᠷᠲᠡᠶ ᠪᠠᠶᠢᠭᠰᠠᠨ ᠠᠴᠠ ᠪᠡᠭᠡᠵᠢᠩ ᠤᠨ ᠲᠤᠰᠬᠠᠶ ᠮᠡᠷᠭᠡᠵᠢᠯᠲᠡᠨ ᠡᠭᠦᠳᠡᠨ ᠳᠤ ᠨᠢ | ᠬᠦᠷᠴᠦ ᠡᠮᠴᠢᠯᠡᠬᠦ ᠬᠦᠷᠳᠡᠯ᠎ᠡ᠂ ᠠᠵᠤ ᠦᠢᠯᠡᠰ ᠤᠨ ᠬᠡᠯᠬᠢᠶ᠎ᠡ ᠳᠠᠩ ᠴᠤᠯᠭᠤᠶ ᠪᠠᠶᠢᠭᠰᠠᠨ ᠠᠴᠠ ᠪᠠᠨ ᠠᠯᠬᠤᠮ | ᠠᠯᠬᠤᠮ ᠢᠶᠠᠷ ᠲᠡᠭᠦᠯᠳᠡᠷᠵᠢᠬᠦ ᠪᠤᠯᠳᠠᠯ᠎ᠠ ᠮᠠᠰᠢ ᠤᠯᠠᠨ ᠬᠤᠪᠢᠷᠠᠯᠳᠠ ᠶᠢ ᠤᠯᠵᠤ ᠬᠠᠷᠠᠯ᠎ᠠ᠃ ᠡᠨᠡ ᠭᠤᠷᠪᠠᠨ ᠵᠢᠯ ᠳᠤ᠂ | ᠪᠢ ᠲᠤᠬᠠᠶ ᠶᠢᠨ ᠭᠠᠵᠠᠷ ᠤᠨ ᠺᠠᠳᠠᠷ ᠣᠯᠠᠨ ᠲᠦᠮᠡᠨ᠂ ᠮᠠᠯᠴᠢᠨ ᠲᠠᠷᠢᠶᠠᠴᠢᠳ ᠲᠠᠢ ᠭᠦᠨ ᠵᠤᠵᠠᠭᠠᠨ | ᠨᠥᠬᠦᠷᠯᠡᠯ ᠲᠠᠢ ᠪᠣᠯᠵᠠᠶ᠃ ᠬᠤᠶᠢᠰᠢᠳᠠ᠂ ᠶᠠᠳᠠᠭᠤ ᠠᠴᠠ ᠠᠩᠭᠢᠵᠢᠷᠠᠭᠤᠯᠤᠭᠰᠠᠨ ᠦᠷ᠎ᠡ ᠪᠦᠲᠦᠭᠡᠯ ᠢ ᠲᠣᠭᠲᠠᠭᠤᠨ | ᠪᠠᠶᠢᠯᠭᠠᠬᠤ᠂ ᠬᠥᠳᠡᠭᠡ ᠲᠣᠰᠬᠤᠨ ᠢ ᠬᠦᠭᠵᠢᠬᠦᠯᠦᠨ ᠮᠠᠨᠳᠤᠭᠤᠯᠬᠤ ᠵᠡᠷᠭᠡ ᠳᠤ ᠥᠪᠡᠷ ᠤᠨ ᠬᠦᠴᠦᠨ ᠴᠢᠳᠠᠯ ᠢᠶᠠᠨ | ᠡᠷᠬᠦᠨ᠂ ᠦᠵᠡᠰᠬᠦᠯᠡᠩᠲᠦ ᠰᠠᠶᠢᠬᠠᠨ ᠰᠥᠨᠢᠳ ᠤᠨ ᠲᠠᠯ᠎ᠠ ᠨᠤᠲᠤᠭ ᠬᠢᠯᠢ ᠬᠢᠵᠠᠭᠠᠷ ᠣᠷᠣᠨ ᠤ ᠭᠡᠷᠡᠯᠲᠦ ᠰᠤᠪᠤᠳ | ᠪᠤᠯᠵᠤ᠂ ᠠᠷᠠᠳ ᠤᠯᠠᠨ ᠤ ᠠᠮᠢᠳᠤᠷᠠᠯ ᠡᠳᠦᠷ ᠠᠴᠠ ᠡᠳᠦᠷ ᠥᠭᠡᠳᠡᠯᠡᠨ ᠮᠠᠨᠳᠤᠬᠤ ᠶᠢ ᠬᠦᠰᠡᠵᠦ ᠪᠠᠶᠢᠨ᠎ᠠ︾ ᠬᠡᠵᠦ | ᠶᠠᠩ ᠵᠢᠶᠠ ᠮᠢᠨ ᠳᠣᠭᠳᠣᠯᠤᠭᠰᠠᠨ ᠰᠡᠳᠬᠢᠯᠬᠡ ᠪᠠᠷ ᠰᠤᠷᠪᠤᠯᠵᠢᠯᠠᠭᠴᠢ ᠳᠤ ᠶᠠᠷᠢᠨ᠎ᠠ᠃ | | | | | |