︽ᠤᠯᠤᠰ ᠤᠨ ᠬᠡᠦᠬᠡᠳ︾ ᠴᠡᠩᠭᠡᠯᠲᠦ
ᠨᠡᠶᠢᠲᠡᠯᠡᠭᠰᠡᠨ ᠴᠠᠭ᠄
2020/11/24
     ᠦᠢ ᠤᠯᠠᠨ ᠤ ᠬᠠᠶᠢᠷ᠎ᠠ ᠪᠠᠷ ᠦᠰᠤᠭ᠍ᠰᠡᠨ ᠠᠵᠢᠯᠴᠢ ᠪᠦᠰᠡᠬᠦᠢ  ᠴᠡᠩᠬᠡᠯᠳᠤ                                       ᠴᠢᠮᠡᠭᠡᠯᠡᠭᠴᠢ᠄  ᠨᠠ᠊᠂ ᠪᠠᠶᠠᠨᠵᠢᠷᠭᠠᠯ
     ᠤᠯᠤᠰ ᠤᠨ ᠬᠡᠤᠬᠡᠳ ᠤᠨ ᠳᠤᠰᠠᠬᠠᠢ ᠰᠡᠳᠤᠪᠳᠤ ᠰᠤᠷᠪᠤᠯᠵᠢᠯᠭ᠎ᠠ ᠶᠢᠨ ᠠᠶᠠᠯᠠᠯ ᠢᠶᠠᠷ ᠠᠴᠢᠳᠤᠠᠭᠤᠯᠠ‌‍ᠰᠤᠮᠤᠨ ᠤ ᠡᠷᠳᠡᠨᠢᠪᠤᠯᠠᠭ ᠭᠠᠴᠠᠭᠠᠨ ᠤ ᠮᠠᠯᠴᠢᠨ ᠴᠡᠩᠬᠡᠯᠳᠤ ᠠᠴᠠ ᠰᠤᠷᠪᠤᠯᠵᠢᠯᠭ᠎ᠠ ᠠᠪᠤᠯ᠎ᠠ᠃      ᠴᠡᠩᠬᠡᠯᠳᠤ᠄ ︿︿ᠪᠢ ᠪᠤᠯ ᠠᠵᠠ ᠵᠢᠷᠭᠠᠯ ᠲᠠᠢ ᠴᠡᠩᠬᠡᠯ ᠤᠨ ᠤᠳᠤᠨ ᠳᠤ ᠵᠠᠶᠠᠭᠠᠬᠰᠠᠨ᠂ ᠳᠠᠪᠢᠯᠠᠩ  ᠲᠦᠭᠡᠷᠢᠭᠡ ᠰᠠᠶᠢᠳᠠᠢ ᠬᠦᠮᠤᠨ ᠤ ᠨᠢᠬᠡ ᠶᠤᠮ᠃ ᠬᠦᠮᠤᠨ ᠪᠤᠯᠵᠤ ᠲᠦᠷᠤᠬᠡᠳ ᠵᠢᠷᠭᠤᠭᠠᠨ ᠠᠶᠢᠯ ᠳᠤ ᠵᠠᠶᠠᠭ᠎ᠠ ᠪᠠᠨ ᠬᠤᠯᠪᠤᠵᠤ᠂ ᠦᠨᠤᠳᠤᠷ ᠦᠳᠡᠯᠤᠬᠡ ᠨᠠᠰᠤᠨ ᠳᠠᠭᠠᠨ ᠵᠢᠷᠭᠠᠯ ᠴᠡᠩᠬᠡᠯ ᠲᠠᠢ ᠪᠤᠶᠠᠨ ᠢᠪᠡᠬᠡᠯ ᠲᠠᠢ ᠠᠮᠢᠳᠤᠷᠠᠭ᠎ᠠ ᠪᠢᠯᠡ ︾ ᠬᠡᠵᠦ ᠶᠠᠷᠢᠯ᠎ᠠ᠃
     ᠴᠡᠩᠭᠡᠯᠲᠦ ᠶᠢᠨ ᠬᠤᠪᠢ ᠲᠠᠪᠢᠯᠠᠩ ᠢ ᠲᠣᠭᠠᠴᠢᠪᠠᠯ᠄      ᠠᠩᠬ᠎ᠠ᠂ ᠲᠦᠷᠦᠭᠰᠡᠨ ᠬᠡᠷ᠃  ᠦᠪᠡᠷ ᠢᠶᠠᠨ ᠴᠦ  ᠮᠡᠳᠡᠬᠦ ᠦᠬᠡᠢ ᠵᠥᠪᠬᠡᠨ ᠡᠮᠤᠨᠡᠳᠤ ᠤᠷᠤᠨ ᠤ ᠭᠠᠴᠢᠭ  ᠬᠦᠴᠢᠷᠳᠡᠯᠲᠡᠢ ᠬᠢᠳᠡᠳ ᠠᠶᠢᠯ ᠬᠡᠵᠦ ᠪᠤᠳᠤᠳᠠᠭ᠃      ᠬᠤᠶᠠᠳᠠᠬᠢ  ᠂ ᠵᠠᠶᠠᠭᠠᠬᠰᠠᠨ ᠬᠡᠷ᠃ 1958 ᠣᠨ ᠳᠤ  ᠨᠠᠮ ᠵᠠᠰᠠᠭ ᠤᠨ ᠬᠠᠯᠠᠮᠵᠢ ᠪᠠᠷ ᠡᠮᠤᠨᠡᠳᠤ ᠤᠷᠤᠨ ᠤ ᠨᠢᠭᠡ ᠪᠥᠯᠦᠭ ᠥᠨᠦᠴᠢᠨ ᠬᠡᠣᠬᠡᠳ ᠦᠪᠤᠷ ᠮᠤᠩᠭᠤᠯ  ᠤᠨ ᠰᠢᠯᠢ ᠶᠢᠨ ᠭᠤᠤᠯ ᠠᠶᠢᠮᠠᠭ ᠲᠤ ᠢᠷᠡᠭᠰᠡᠨ ᠳᠤ᠂ ᠰᠦᠨᠢᠳ ᠪᠠᠷᠠᠭᠤᠨ ᠬᠤᠰᠢᠭᠤᠨ ᠤ ᠣᠣᠯ ᠤᠨ ᠠᠴᠢᠳᠣᠭᠭᠤᠯᠠ ᠨᠢᠭᠡᠳᠤᠯ ᠤᠨ ᠡᠷᠳᠡᠨᠢᠪᠤᠯᠠᠭ ᠪᠠᠷᠢᠭᠠᠳᠠ ᠶᠢᠨ ᠠᠬᠠᠮᠠᠳ ᠳᠤᠮᠤᠭᠠᠳᠠᠨ ᠴᠤᠬᠤᠷ ᠪᠠᠯᠳᠠᠨ᠂ ᠬᠡᠷᠡᠯ ᠬᠡᠳᠡᠭ ᠡᠪᠤᠬᠡᠨ ᠬᠦᠭᠰᠢᠨ ᠬᠤᠶᠠᠷ ᠵᠠᠩᠭ᠎ᠠ ᠲᠠᠢ ᠤᠯᠠᠭᠠᠨ ᠨᠢᠯᠬ᠎ᠠ ᠪᠠᠶᠢᠭᠰᠠᠨ ᠴᠡᠩᠭᠡᠯᠲᠦ ᠶᠢ ᠦᠷᠡᠴᠢᠯᠡᠵᠣ  ᠲᠡᠵᠢᠭᠡᠵᠠᠢ᠃ ᠳᠣᠬᠠᠢ ᠶᠢᠨ ᠦᠶ᠎ᠡ ᠳᠤ ᠰᠢᠮ᠎ᠡ ᠳᠡᠵᠢᠬᠡᠯ ᠶᠡᠭᠡ ᠳᠤᠳᠠᠬᠳᠠᠬᠰᠠᠨ᠂ ᠲᠤᠯᠤᠭᠠᠢ ᠬᠡᠳᠡᠰᠤ ᠬᠤᠶᠠᠷ ᠪᠤᠯᠤᠬᠰᠠᠨ ᠳᠤᠷᠠᠩᠬᠠᠢ ᠪᠠᠭᠤᠷᠠᠢ  ᠨᠢᠯᠬ᠎ᠠ ᠶᠢ ᠠᠪᠤ ᠡᠵᠢ ᠮᠢᠨᠢ ᠠᠷᠬᠠᠭ ᠬᠠᠭᠤᠴᠢᠨ ᠲᠠᠢ ᠦᠳᠡᠯᠤᠬᠡ ᠪᠡᠶ᠎ᠡ ᠪᠠᠨ ᠴᠢᠯᠡᠬᠡᠵᠤ᠂ ᠰᠢᠮ᠎ᠡ ᠲᠠᠢ ᠶᠢ ᠢᠳᠡᠬᠦᠯᠵᠤ᠂ ᠰᠢᠨ᠎ᠡ ᠪᠠᠷ ᠬᠤᠪᠴᠠᠯᠠᠵᠤ᠂ ᠹᠦ᠋ ᠶᠢᠨ ᠬᠠᠯᠠᠭᠤᠨ ᠳᠤ ᠨᠠᠷᠠᠰᠢᠭᠤᠯᠤᠯ ᠦᠬᠡᠢ᠂ ᠶᠢᠰᠤ ᠶᠢᠨ ᠬᠦᠢᠳᠡᠨ ᠳᠤ ᠪᠡᠬᠡᠷᠡᠬᠦᠯᠤᠯ ᠦᠬᠡᠢ᠂ ᠬᠦᠢᠳᠡᠨ ᠢ ᠨᠢ ᠳᠤᠯᠠᠭᠠᠯᠠᠵᠤ ᠨᠤᠶᠢᠳᠠᠨ ᠢ ᠨᠢ ᠬᠠᠭᠤᠷᠠᠶᠢᠯᠠᠵᠤ᠂ ᠡᠨᠡᠷᠢᠯ ᠬᠠᠶᠢᠷ᠎ᠠ ᠪᠠᠷ ᠢᠶᠠᠨ ᠡᠩᠬᠦᠷᠡᠢ ᠪᠠᠭ᠎ᠠ ᠦᠷ᠎ᠡ ᠪᠠᠨ ᠡᠷᠡᠬᠦᠯ ᠴᠢᠬᠢᠷᠠᠭ ᠬᠡᠤᠬᠡᠳ ᠪᠤᠯᠭᠠᠨ ᠪᠤᠶᠢᠵᠢᠭᠤᠯᠵᠡᠢ᠃                ᠭᠤᠷᠪᠠᠳᠠᠬᠢ᠂ ᠦᠰᠤᠭ᠍ᠰᠡᠨ ᠬᠡᠷ᠃ ᠪᠠᠯᠳᠠᠨ ᠠᠪᠤ᠂ ᠬᠡᠷᠡᠯ ᠡᠵᠢ  ᠬᠤᠶᠠᠷ ᠤᠨ ᠨᠠᠰᠤ ᠠᠬᠢᠵᠤ᠂ ᠠᠪᠤ ᠶᠢᠨ ᠬᠢᠨᠢ ᠬᠠᠷᠠᠭ᠎ᠠ ᠮᠠᠭᠤᠳᠠᠵᠤ᠂ ᠡᠵᠢ ᠨᠢ ᠡᠪᠡᠳᠴᠢᠯᠡᠭᠰᠡᠨ ᠠᠴᠠ ᠬᠡᠦᠬᠡᠳ ᠠᠰᠠᠷᠠᠬᠤ ᠶᠢ ᠪᠢᠳᠡᠬᠡᠢ ᠬᠡᠯᠡ ᠬᠤᠶᠠᠷ ᠪᠡᠶ᠎ᠡ ᠪᠠᠨ ᠴᠤ ᠵᠦᠪᠯᠡᠬᠦ ᠦᠬᠡᠢ ᠪᠤᠯᠬᠤᠯᠠᠷ ᠡᠳᠡᠨ ᠤ ᠬᠢᠨ ᠳᠤ ᠣᠶᠢᠷᠠᠯᠴᠠᠭ᠎ᠠ ᠰᠠᠭᠤᠳᠠᠭ ᠰᠠᠭᠠᠬᠠᠯᠲᠠ ᠠᠶᠢᠯ ᠤᠨ ᠬᠢᠨᠢ ᠦᠷᠤ ᠡᠪᠡᠳᠴᠤ᠂  ᠬᠤᠶᠠᠷ ᠨᠠᠰᠤᠳᠠᠨ ᠲᠠᠢ ᠵᠦᠪᠳᠡᠯᠴᠡᠨ ᠪᠤᠯᠵᠤᠵᠤ ᠭᠡᠷ ᠲᠡᠭᠡᠨ ᠠᠪᠴᠢᠷᠠᠭᠰᠠᠨ  ᠪᠠᠶᠢᠯ᠎ᠠ᠃ ᠢᠩᠬᠢᠭᠡᠳ  ᠤᠤᠯ ᠤᠨ ᠠᠴᠢᠳᠤᠠᠭᠤᠯᠠ ᠨᠢᠭᠡᠳᠣᠯ ᠤᠨ ᠡᠷᠳᠡᠨᠢᠪᠣᠯᠠᠭ ᠪᠠᠷᠢᠭᠠᠳᠠ ᠶᠢᠨ ᠦᠷᠤ ᠵᠦᠬᠡᠯᠡᠨ ᠮᠠᠯᠴᠢᠨ ᠪᠥᠰᠡᠭᠦᠢ ᠳᠠᠷᠬᠢᠴᠢᠳ ᠤᠨ ᠡᠷᠭᠦᠮᠡᠯ  ᠦᠬᠢᠨ ᠨᠢ ᠪᠣᠯᠵᠣ᠂ ᠦᠬᠡᠯᠡᠢ ᠪᠤᠯᠤᠭᠰᠠᠨ ᠠᠬ᠎ᠠ ᠡᠭᠡᠴᠢ ᠶᠢᠨ ᠬᠠᠯᠠᠮᠵᠢ ᠲᠠᠢ ᠂ ᠡᠩᠬᠦᠷᠡᠢ ᠡᠵᠢ ᠶᠢᠨ ᠬᠠᠯᠠᠭᠤᠨ ᠡᠪᠦᠷ ᠲᠤ ᠳᠣᠯᠣᠭᠠᠨ ᠨᠠᠰᠤ ᠬᠦᠷᠲᠡᠯ᠎ᠡ ᠪᠠᠨ ᠡᠷᠬᠡ ᠲᠠᠩᠬᠢ ᠦᠰᠦᠭᠰᠡᠨ ᠪᠠᠶᠢᠯ᠎ᠠ᠃      ᠳᠥᠷᠪᠡᠳᠡᠬᠢ᠂ ᠬᠦᠮᠤᠵᠢᠬᠦᠯᠦᠭᠰᠡᠨ ᠬᠡᠷ᠃   ᠳᠠᠷᠬᠢᠴᠢᠳ ᠡᠵᠢ ᠬᠡᠨᠡᠳᠲᠡ ᠶᠢᠨ ᠡᠪᠡᠳᠴᠢᠨ ᠳᠤ  ᠨᠡᠷᠪᠡᠭᠳᠡᠵᠦ᠂  ᠪᠤᠷᠬᠠᠨ ᠪᠤᠯᠬᠤ ᠠᠴᠠ ᠪᠠᠨ ᠡᠮᠤᠨᠡᠬᠡᠨ ᠴᠡᠩᠭᠡᠯᠲᠦ ᠶᠢ ᠠᠶᠢᠯ ᠬᠡᠷ ᠪᠤᠯᠤᠭᠠᠳ ᠪᠠᠶᠢᠬᠰᠠᠨ ᠡᠬᠡᠴᠢ ᠤᠳᠬᠠᠨ ᠬᠦᠷᠬᠡᠨ ᠠᠬ᠎ᠠ ᠬᠠᠳᠠ ᠬᠤᠶᠠᠷ ᠲᠤ ᠨᠢ  ᠨᠠᠶᠢᠳᠠᠵᠦ ᠦᠭᠭᠦᠭᠰᠡᠨ ᠠᠴᠠ ᠡᠬᠡᠴᠢ ᠬᠦᠷᠬᠡᠨ ᠠᠬ᠎ᠠ ᠶᠢᠨ  ᠳᠠᠭᠠᠨ 7 ᠨᠠᠰᠤᠨ ᠠᠴᠠ ᠪᠠᠨ 12 ᠨᠠᠰᠤ ᠬᠦᠷᠳᠡᠯ᠎ᠡ ᠬᠠᠮᠳᠤ ᠠᠮᠢᠳᠤᠷᠠᠵᠡᠢ᠃ ᠡᠬᠡᠴᠢ ᠨᠢ ᠦᠪᠡᠷ ᠢᠶᠠᠨ ᠲᠦᠷᠪᠡᠨ ᠬᠡᠤᠬᠡᠳ ᠲᠠᠢ  ᠠᠮᠢᠳᠤᠷᠠᠯ ᠶᠡᠭᠡ ᠳᠠᠷᠤᠭᠠᠰᠤ ᠲᠠᠢ ᠪᠠᠶᠢᠭᠰᠠᠨ ᠴᠦ᠂ ᠴᠡᠩᠭᠡᠯᠲᠦ ᠶᠢ ᠶᠡᠬᠡᠳᠡ ᠬᠠᠶᠢᠷᠠᠯᠠᠨ ᠬᠠᠷᠠᠭᠠᠯᠵᠠᠵᠦ ᠰᠤᠷᠭᠠᠭᠤᠯᠢ ᠳᠤ ᠰᠠᠭᠤᠯᠭᠠᠨ ᠪᠢᠴᠢᠭ ᠨᠤᠮ  ᠰᠤᠷᠭᠠᠵᠦ᠂ ᠬᠦᠮᠤᠨ ᠪᠤᠯᠬᠤ ᠶᠤᠰᠤ ᠶᠢ ᠳᠠᠨᠢᠭᠤᠯᠵᠤ ᠦᠰᠬᠡᠨ ᠬᠦᠮᠤᠵᠢᠬᠦᠯᠵᠡᠢ᠃ ᠡᠬᠡᠴᠢ ᠬᠦᠷᠬᠡᠨ ᠠᠬ᠎ᠠ   ᠪᠠᠨ ᠲᠠᠯ᠎ᠠ ᠰᠢᠭ᠋ ᠢᠶᠠᠨ ᠠᠭᠤᠳᠠᠮ ᠰᠡᠳᠬᠢᠯ ᠲᠠᠢ᠂ ᠠᠯᠤᠰ ᠤᠨ ᠬᠠᠷᠠᠭ᠎ᠠ ᠠᠤᠭ᠎ᠠ ᠰᠠᠨᠠᠭ᠎ᠠ ᠲᠠᠢ ᠬᠦᠮᠤᠨ ᠶᠤᠮ ᠬᠡᠵᠦ ᠴᠡᠩᠭᠡᠯᠲᠦ ᠦᠷᠬᠦᠯᠵᠢ ᠰᠡᠳᠬᠢᠯ ᠳᠡᠭᠡᠨ ᠬᠦᠨᠳᠦᠳᠬᠡᠨ  ᠪᠤᠳᠤᠳᠠᠭ᠃      ᠲᠠᠪᠤᠳᠠᠭᠢ᠂ ᠬᠠᠷᠢ ᠳᠤ ᠮᠤᠷᠳᠠᠭᠤᠯᠤᠬᠰᠠᠨ ᠬᠡᠷ᠃ 1970 ᠤᠨ ᠳᠤ ᠠᠬ᠎ᠠ ᠵᠢᠷᠭᠠᠯ ᠨᠢ  ᠪᠡᠷᠬᠡᠨ ᠬᠡᠷᠡᠯᠮᠠᠨᠳᠤᠬᠤ ᠶᠢ ᠪᠠᠭᠤᠯᠭᠠᠵᠤ ᠠᠶᠢᠯ ᠬᠡᠷ  ᠪᠤᠯᠤᠭᠰᠠᠨ ᠴᠠᠭ ᠠᠴᠠ ᠴᠡᠩᠭᠡᠯᠲᠦ ᠡᠳᠡᠨᠡᠶᠢᠬᠢᠨ ᠳᠤ ᠬᠠᠮᠳᠤ ᠠᠮᠢᠳᠤᠷᠠᠵᠦ᠂ ᠪᠡᠷᠬᠡᠨ ᠤ ᠪᠠᠨ ᠬᠠᠶᠢᠷ᠎ᠠ ᠬᠠᠯᠠᠮᠵᠢ ᠪᠠᠷ ᠦᠰᠤᠨ᠂ ᠠᠬ᠎ᠠ ᠪᠡᠷᠬᠡᠨ   ᠤ ᠪᠠᠨ ᠵᠢᠷᠭᠤᠭᠠᠨ ᠬᠡᠤᠬᠡᠳ ᠢ ᠳᠡᠮᠵᠢᠨ ᠬᠠᠷᠠᠭᠠᠯᠵᠠᠵᠦ᠂  ᠂ ᠪᠡᠷᠬᠡᠨ ᠠᠴᠠ ᠪᠠᠨ ᠬᠡᠷ ᠤᠨ ᠭᠠᠳᠠᠨ᠎ᠠ ᠳᠤᠳᠤᠨ᠎ᠠ ᠠᠵᠢᠯ᠂ ᠮᠠᠯᠵᠢᠬᠤ ᠦᠢᠯᠡᠳᠪᠦᠷᠢᠯᠡᠯ ᠂ ᠰᠦ ᠰᠠᠭᠠᠯᠢ᠂ ᠦᠢᠯᠡ ᠤᠶᠤᠳᠠᠯ᠂ ᠰᠢᠷᠢᠶᠡᠰᠤ ᠰᠢᠷᠡᠮᠡᠯ᠂ ᠳᠡᠬᠡᠰᠤ ᠬᠢᠯᠭᠠᠰᠤ ᠳᠠᠮᠤᠬᠤ ᠵᠡᠷᠬᠡ ᠠᠵᠢᠯ  ᠢ ᠰᠤᠷᠴᠤ ᠢᠷᠡᠵᠡᠢ᠃  ︽ᠮᠢᠨᠤ  ᠪᠡᠷᠬᠡᠨ ᠪᠤᠯ ᠡᠵᠢ ᠶᠢᠨ ᠪᠡᠨ᠎ᠡ ᠲᠠᠢ  ᠪᠡᠷᠬᠡᠨ ᠶᠤᠮ᠃  ᠠᠬ᠎ᠠ ᠪᠡᠷᠬᠡᠨ ᠤ ᠪᠠᠨ ᠠᠴᠢᠯᠠᠯ ᠢᠶᠠᠷ ᠭᠠᠷ ᠭᠠᠨᠵᠤᠭᠠᠨ ᠳᠤ᠂ ᠬᠦᠯ ᠲᠦᠷᠤᠬᠡᠨ ᠳᠤ  ᠬᠦᠷᠤᠨ ᠲᠤᠮᠤ ᠬᠦᠮᠦᠨ ᠪᠤᠯᠵᠤ ᠡᠨᠡ ᠬᠡᠷ ᠠᠴᠠ ᠬᠠᠷᠢ ᠳᠤ ᠮᠤᠷᠳᠠᠵᠡᠢ︾ ᠬᠡᠵᠦ ᠴᠡᠩᠭᠡᠯᠲᠤ ᠶᠠᠷᠢᠨ᠎ᠠ᠃      ᠵᠢᠷᠭᠤᠳᠠᠭᠢ᠂ ᠨᠠᠰᠤᠨ ᠤ ᠬᠠᠨᠢ ᠲᠠᠢ ᠪᠠᠨ  ᠴᠤᠭᠴᠠᠯᠠᠭᠰᠠᠨ ᠬᠡᠷ  ᠃  ᠴᠡᠩᠭᠡᠯᠲᠦ ᠠᠷᠪᠠᠨ ᠶᠢᠰᠤᠨ ᠨᠠᠰᠤ  ᠲᠠᠢ ᠳᠠᠭᠠᠨ  ᠳᠤᠰ ᠪᠠᠷᠢᠭᠠᠳᠠ ᠶᠢᠨ ᠢᠶᠠᠨ ᠰᠣᠮᠢᠶ᠎ᠠ ᠭᠡᠭᠴᠢ ᠠᠵᠢᠯᠰᠠᠭ ᠵᠠᠯᠠᠭᠤ ᠲᠠᠢ ᠬᠠᠶᠢᠷ᠎ᠠ ᠰᠡᠳᠬᠢᠯ ᠲᠠᠢ ᠪᠤᠯᠵᠤ 1977 ᠣᠨ ᠳᠤ ᠬᠤᠷᠢᠮᠯᠠᠵᠤ ᠨᠠᠰᠤᠨ ᠤ ᠬᠠᠨᠢ ᠶᠢᠨ ᠵᠠᠶᠠᠭ᠎ᠠ ᠳᠠᠪᠢᠯᠠᠩ ᠢᠶᠠᠨ ᠬᠤᠯᠪᠣᠵᠣ᠂ ᠬᠤᠶᠠᠷ ᠬᠥᠣ ᠨᠢᠭᠡ ᠬᠡᠣᠬᠡᠨ ᠲᠠᠢ ᠪᠣᠯᠵᠣ᠂ ᠵᠣᠯ ᠵᠢᠷᠭᠠᠯ ᠲᠠᠢ ᠠᠮᠢᠳᠣᠷᠠᠵᠣ ᠬᠠᠯᠠᠭᠤᠨ ᠬᠦᠢᠳᠡᠨ᠂ ᠬᠠᠲᠠᠭᠤ ᠵᠦᠬᠡᠯᠡᠨ ᠠᠮᠢᠳᠣᠷᠠᠯ ᠤᠨ ᠴᠠᠭ ᠮᠥᠴᠡ ᠶᠢ ᠬᠠᠮᠲᠤ ᠲᠣᠭᠤᠯᠵᠣ ᠢᠷᠡᠭᠰᠡᠨ ᠪᠠᠶᠢᠨ᠎ᠠ᠃ ︽ᠣᠳᠣ ᠪᠣᠯᠬᠤ ᠳᠤ ᠬᠡᠣᠬᠡᠳ ᠤᠳ ᠪᠦᠬᠦᠳᠡᠬᠡᠷ ᠢᠶᠠᠨ ᠡᠷᠦᠬᠡ ᠭᠡᠷ ᠪᠣᠯᠣᠨ ᠳᠥᠪᠬᠢᠨᠡᠵᠣ᠂ ᠪᠦᠷ ᠰᠠᠶᠢᠨ ᠰᠠᠶᠢᠬᠠᠨ ᠠᠮᠢᠳᠣᠷᠠᠵᠣ ᠪᠠᠶᠢᠨ᠎ᠠ︾ ᠬᠡᠵᠦ ᠴᠡᠩᠭᠡᠯᠲᠦ ᠰᠡᠳᠬᠢᠯ  ᠬᠠᠩᠬᠤᠯᠤᠭᠤᠨ  ᠶᠠᠷᠢᠨ᠎ᠠ᠃      ᠲᠡᠷᠡ ᠡᠨᠡ ᠨᠤᠳᠤᠭ ᠲᠤ ᠲᠦᠷᠤᠭ᠍ᠰᠡᠨ  ᠮᠤᠩᠭᠤᠯ ᠬᠡᠦᠬᠡᠳ ᠲᠠᠢ ᠠᠳᠠᠯᠢᠬᠠᠨ ᠲᠠᠯ᠎ᠠ ᠨᠤᠲᠤᠭ ᠲᠠᠭᠠᠨ ᠡᠷᠬᠡ ᠴᠢᠯᠦᠬᠡᠲᠡᠢ ᠦᠰᠤᠨ ᠪᠤᠶᠢᠵᠢᠵᠤ᠂ ᠪᠠᠭ᠎ᠠ ᠨᠠᠰᠤᠨ ᠳᠠᠭᠠᠨ ᠠᠷᠠᠳ ᠤᠨ ᠰᠤᠷᠭᠠᠭᠤᠯᠢ ᠳᠤ ᠤᠷᠤᠵᠤ ᠪᠢᠴᠢᠭ ᠨᠤᠮ ᠰᠤᠷᠴᠤ  ᠂ ᠵᠠᠯᠠᠭᠤ ᠨᠠᠰᠤᠨ ᠳᠠᠭᠠᠨ  ᠠᠭᠲᠠ ᠮᠤᠷᠢᠨ  ᠤ ᠨᠢᠷᠤᠭᠤᠨ ᠳᠤ ᠵᠠᠪᠰᠡᠭᠳᠦ ᠡᠷᠤᠬᠡ ᠤᠨ ᠴᠡᠷᠢᠭ ᠶᠠᠪᠤᠵᠤ᠂  ᠨᠡᠶᠢᠬᠡᠮ ᠨᠡᠶᠢᠳᠡ ᠶᠢᠨ ᠠᠵᠢᠯ ᠦᠢᠯᠡᠰ᠂ ᠠᠵᠤ ᠠᠮᠢᠳᠤᠷᠠᠯ ᠳᠤ ᠪᠠᠨ ᠴᠢᠷᠮᠠᠶᠢᠨ ᠵᠢᠳᠬᠦᠵᠤ᠂ ᠳᠡᠮᠤᠷ ᠬᠡᠤᠬᠡᠨ᠂ ᠬᠦᠳᠡᠯᠮᠤᠷᠢ ᠶᠢᠨ ᠵᠢᠱᠢᠶᠡᠴᠢ᠂ ᠭᠠᠷᠮᠠᠭᠠᠢ ᠲᠦᠯᠴᠢᠨ ᠵᠡᠷᠬᠡ ᠢᠷᠠᠭᠤ ᠠᠯᠳᠠᠷ ᠢᠶᠠᠷ ᠡᠩᠭᠡᠷ ᠢᠶᠠᠨ ᠮᠢᠯᠢᠶᠠᠯᠭᠠᠵᠤ  ᠶᠠᠪᠤᠵᠡᠢ᠃      ᠤᠳᠤ ᠲᠡᠷᠡ ᠠᠮᠢᠳᠣ ᠶᠠᠪᠣᠬᠤ ᠶᠢᠨ ᠢᠪᠡᠭᠡᠯ ᠢ ᠬᠠᠶᠢᠷᠠᠯᠠᠬᠰᠠᠨ ᠠᠭᠤᠵᠢᠮ ᠮᠤᠩᠭᠤᠯ ᠤᠨ ᠲᠠᠯ᠎ᠠ ᠨᠣᠲᠤᠭ᠂  ᠠᠰᠪᠤᠷᠢ ᠴᠠᠶᠢᠯᠭᠠᠨ ᠬᠥᠮᠦᠨ ᠠᠷᠠᠳ ᠪᠣᠯᠣᠨ ᠡᠨᠡᠷᠢᠯᠲᠦ ᠠᠪᠤ ᠡᠵᠢ᠂ ᠠᠴᠢᠳᠣ ᠠᠬ᠎ᠠ ᠡᠭᠡᠴᠢ ᠳᠡᠬᠦᠤ ᠰᠠᠳᠤᠨ ᠲᠦᠷᠤᠯ᠂ ᠬᠠᠶᠢᠷᠠᠯᠠᠵᠤ ᠬᠠᠯᠠᠮᠵᠢᠯᠠᠵᠤ ᠢᠷᠡᠭᠰᠡᠨ ᠨᠤᠳᠤᠭ ᠤᠰᠤᠨ ᠤ ᠪᠠᠨ ᠪᠦᠬᠦᠨ ᠳᠤ ᠰᠡᠳᠬᠢᠯ ᠤᠨ ᠬᠦᠨ ᠠᠴᠠ ᠪᠠᠨ ᠬᠦᠨᠳᠤᠳᠬᠡᠨ ᠲᠠᠯᠠᠷᠬᠠᠵᠤ᠂ ᠠᠮᠢᠳᠤᠷᠠᠯ ᠤᠨ ᠰᠠᠶᠢᠨ ᠰᠠᠶᠢᠬᠠᠨ  ᠢᠶᠠᠨ ᠪᠠᠭ᠋ᠠᠷᠬᠠᠵᠤ ᠶᠠᠪᠣᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号