︽ᠣᠯᠣᠰ ᠤᠨ ᠬᠡᠣᠬᠡᠳ︾   ᠨᠠᠷᠠᠨᠬᠤᠸᠠᠷ
ᠨᠡᠶᠢᠲᠡᠯᠡᠭᠰᠡᠨ ᠴᠠᠭ᠄
2020/12/22
                              ᠴᠢᠮᠡᠭᠡᠯᠡᠭᠴᠢ᠄  ᠨᠡ᠊᠂  ᠪᠠᠶᠠᠨᠵᠢᠷᠭᠠᠯ      ᠠᠶᠢᠷᠠᠭ ᠴᠡᠭᠡ ᠴᠠᠯᠬᠢᠯᠠᠭᠰᠠᠨ ᠲᠠᠷᠭᠤᠨ ᠲᠠᠪᠠᠲᠠᠢ ᠵᠤᠨ ᠤ ᠳᠤᠯᠤᠭᠠᠨ ᠰᠠᠷ᠎ᠠ ᠶᠢᠨ ᠬᠤᠷᠢᠳ ᠢᠶᠠᠷ ᠬᠡᠬᠦᠤ ᠪᠠᠨ ᠪᠠᠷᠢᠵᠤ ᠤᠨᠠᠭ᠎ᠠ ᠪᠠᠨ ᠵᠡᠯᠡᠯᠡᠭᠰᠡᠨ ᠠᠪᠠᠭ᠋ᠠᠨᠠᠷ ᠨᠤᠳᠤᠭ ᠤᠨ ᠲᠤᠮᠤᠭᠠᠳᠠᠨ ᠰᠠᠶᠢᠨᠪᠠᠭᠠᠳᠤᠷ ᠤᠨ ᠬᠢᠨ ᠳᠤ ᠬᠦᠷᠤᠯ᠎ᠡ᠃  ᠴᠠᠭᠠᠨ ᠳᠤᠷᠳᠤᠩ ᠠᠯᠴᠢᠭᠤᠷ ᠢᠶᠠᠷ ᠲᠤᠯᠤᠭᠠᠢ ᠪᠠᠨ ᠤᠷᠢᠶᠠᠵᠤ᠂ ᠮᠦᠷᠤ ᠨᠢ ᠭᠠᠩᠳᠠᠭᠰᠠᠨ ᠰᠦᠨᠢᠳ ᠮᠠᠶ᠋ᠢᠭ ᠤᠨ ᠬᠠᠷ᠎ᠠ ᠨᠤᠭᠤᠭᠠᠨ ᠲᠡᠷᠯᠢᠭ ᠢ ᠳᠡᠬᠡᠬᠦᠷ ᠠᠬᠰᠢᠶᠠᠵᠤ ᠪᠦᠰᠡᠯᠡᠭᠰᠡᠨ ᠮᠠᠶᠢᠵᠢᠭ ᠠᠯᠬᠤᠭ᠎ᠠ ᠲᠠᠢ ᠬᠦᠳᠡᠷ ᠡᠷ᠎ᠡ ᠬᠡᠮᠡᠷ ᠵᠢᠷᠠᠨ ᠨᠠᠰᠤ ᠶᠢ ᠳᠠᠪᠠᠭ᠎ᠠ ᠪᠤᠭᠤᠷᠤᠯ ᠪᠦᠰᠡᠭᠦᠢ᠂ ᠨᠤᠬᠠᠢ ᠪᠠᠨ ᠬᠤᠷᠢᠬᠤ ᠶᠢᠨ ᠲᠠᠭᠠᠤ ᠮᠡᠨᠳᠦ ᠠᠰᠠᠭᠤᠨ ᠨᠠᠮᠠᠶᠢ ᠤᠬᠳᠤᠨ ᠬᠡᠷ ᠲᠡᠭᠡᠨ ᠤᠷᠢᠯ᠎ᠠ᠃ ᠡᠨᠡ ᠪᠤᠭᠤᠷᠤᠯ ᠪᠦᠰᠡᠬᠦᠢ ᠳᠠᠷᠤᠢ ᠰᠠᠶᠢᠨᠪᠠᠭᠠᠳᠤᠷ ᠭᠤᠸᠠᠢ ᠶᠢᠨ ᠬᠡᠷᠬᠡᠢ ᠨᠠᠷᠠᠨᠬᠤᠸᠠᠷ ᠪᠠᠶᠢᠯ᠎ᠠ᠃      ᠨᠠᠷᠠᠨᠬᠤᠸᠠᠷ — ᠡᠮᠦᠨᠡᠲᠦ ᠣᠷᠣᠨ ᠠᠴᠠ ᠥᠪᠦᠷ ᠮᠣᠩᠭᠤᠯ ᠳᠤ ᠬᠦᠷᠭᠡᠭᠳᠡᠨ ᠢᠷᠡᠭᠰᠡᠨ 3000 ᠥᠨᠦᠴᠢᠨ ᠬᠡᠣᠬᠡᠳ ᠤᠨ 1960 ᠤᠨ ᠤ ᠬᠠᠮᠤᠭ ᠰᠡᠬᠦᠯ ᠤᠨ ᠪᠦᠯᠦᠭ ︽ᠣᠯᠣᠰ ᠤᠨ ᠬᠡᠣᠬᠡᠳ︾ ᠶᠢᠨ ᠨᠢᠭᠡ ᠪᠣᠯᠣᠨ᠎ᠠ᠂ ᠬᠤᠯᠤᠭᠠᠨ᠎ᠠ ᠵᠢᠯ ᠲᠠᠢ᠂ ᠡᠨᠡ ᠵᠢᠯ 61ᠨᠠᠰᠤ ᠲᠠᠢ᠃  
     ᠠᠪᠤ ᠡᠵᠢ ᠲᠠᠢ ᠪᠠᠨ ᠪᠡᠬᠡᠵᠢᠩ ᠳᠤ ᠠᠪᠬᠠᠭᠤᠯᠤᠭᠰᠠᠨ ᠲᠦᠷᠪᠡᠨ ᠨᠠᠰᠤᠨ ᠤ ᠤᠢ ᠶᠢᠨ ᠳᠤᠷᠠᠰᠬᠠᠯ          ᠳᠤᠬᠠᠢ ᠶᠢᠨ ᠵᠢᠯ ᠥᠷᠭᠡᠨᠲᠠᠯ᠎ᠠ ᠨᠢᠭᠡᠳᠦᠯ   ᠤᠨ ᠴᠠᠩᠳᠣᠰᠢᠯᠢ ᠪᠠᠷᠢᠭᠠᠳᠠ ᠶᠢᠨ ᠰᠣᠳᠨᠠᠮᠵᠠᠮᠰᠣ᠂ ᠭᠠᠯᠢᠩᠳᠢᠸ᠎ᠠ ᠬᠤᠶᠠᠷ ᠬᠤᠰᠢᠭᠤᠨ ᠳᠤ ᠬᠡᠤᠬᠡᠳ ᠢᠷᠡᠭᠰᠡᠨ ᠴᠢᠮᠡᠭᠡ ᠶᠢ ᠣᠯᠵᠣ ᠰᠣᠨᠣᠰᠣᠭᠠᠳ᠂ ᠬᠤᠶᠠᠭᠤᠯᠠ ᠵᠥᠪᠯᠡᠨ ᠨᠢᠭᠡ ᠦᠬᠢᠨ ᠡᠷᠭᠦᠨ ᠠᠪᠬᠤ ᠪᠠᠷ ᠪᠤᠯᠵᠤ᠂ ᠮᠤᠷᠢ ᠲᠠᠢ ᠭᠠᠯᠬᠢᠭᠤᠯᠤᠨ ᠬᠤᠰᠢᠭᠤᠨ ᠲᠦᠪ ᠲᠤ ᠬᠦᠷᠴᠦ ᠬᠤᠯᠪᠤᠭᠳᠠᠯ ᠪᠦᠬᠦᠢ ᠭᠠᠷᠳᠠᠮ ᠢ ᠬᠦᠢᠴᠡᠳᠭᠡᠨ ᠪᠦᠯᠳᠡᠭᠡᠷ ᠬᠦᠭᠡᠷᠦᠭᠦᠨ ᠦᠬᠢᠨ ᠦᠷᠡᠴᠢᠯᠡᠨ ᠠᠪᠤᠭᠰᠠᠨ ᠨᠢ ᠳᠠᠷᠤᠢ ᠨᠠᠷᠠᠨᠬᠤᠸᠠᠷ ᠪᠠᠶᠢᠵᠠᠢ᠃      ︽ᠡᠵᠢ ᠮᠢᠨᠢ ᠦᠨᠤᠴᠢᠨ ᠬᠡᠤᠬᠡᠳ ᠢ ᠬᠠᠷᠠᠵᠤ ᠪᠠᠶᠢᠭ᠎ᠠ ᠦᠷᠤᠬᠡᠨ ᠳᠤ ᠬᠦᠷᠴᠤ ᠬᠡᠳᠤᠨ ᠨᠢᠯᠬ᠎ᠠ ᠬᠡᠤᠬᠡᠳ ᠤᠨ ᠳᠤᠮᠳᠠ ᠠᠴᠠ ᠬᠤᠷᠭᠤᠯᠤᠨ ᠨᠢᠳᠤ ᠲᠠᠢ ᠨᠢᠭᠡᠨ ᠡᠴᠡᠩᠬᠡᠢ ᠵᠢᠭᠠᠯ ᠥᠬᠢᠨ ᠤ ᠭᠠᠷ ᠢ ᠪᠠᠷᠢᠯ᠎ᠠ᠃ ᠲᠡᠷᠡ ᠪᠣᠰᠣᠳ ᠬᠡᠣᠬᠡᠳ ᠠᠴᠠ ᠢᠯᠡᠭᠦᠦ ᠬᠤᠭᠤᠯᠠ ᠢᠳᠡᠬᠦ ᠪᠠᠷ ᠶᠠᠭᠠᠷᠠᠵᠣ᠂ ᠬᠦᠯᠢᠶᠡᠵᠦ ᠲᠡᠰᠬᠦ ᠦᠭᠡᠢ ᠳᠡᠯᠴᠢᠯᠡᠨ  ᠤᠬᠢᠯᠠᠭᠠᠳ᠂ ᠬᠥᠯ ᠤᠨ ᠥᠰᠦᠭᠡᠢ ᠨᠢ ᠪᠥᠷ ᠣᠯᠠᠶᠢᠴᠢᠬᠠᠭᠰᠠᠨ ᠪᠠᠶᠢᠭᠰᠠᠨ᠂ ᠡᠵᠢ ᠡᠨᠡᠬᠦ ᠬᠤᠭᠤᠯᠠ ᠢᠳᠡᠬᠦ ᠬᠡᠵᠦ ᠶᠠᠭᠠᠷᠠᠵᠣ ᠪᠠᠶᠢᠭ᠎ᠠ ᠪᠢᠴᠢᠬᠠᠨ ᠥᠬᠢᠨ ᠢ ᠦᠵᠡᠭᠡᠳ ᠲᠣᠩ ᠥᠷᠦ ᠡᠪᠡᠳᠦᠨ ᠬᠠᠶᠢᠷᠠᠯᠠᠵᠣ᠂ ᠲᠡᠪᠡᠷᠢᠨ ᠠᠪᠣᠭᠠᠳ ︿ᠡᠨᠡ ᠬᠡᠣᠬᠡᠨ ᠢ ᠪᠢᠳᠡ ᠠᠪᠣᠶ᠎ᠠ﹀ ᠭᠡᠪᠡ᠃ ᠢᠩᠭᠢᠭᠡᠳ ᠪᠢᠴᠢᠬᠠᠨ ᠬᠡᠣᠬᠡᠨ ᠢ ᠡᠷᠭᠦᠵᠦ ᠠᠪᠣᠭᠠᠳ ᠪᠠᠶᠠᠷ ᠲᠠᠢ ᠭᠡᠷ ᠵᠦᠭ ᠢᠶᠠᠨ ᠪᠤᠴᠠᠬᠤ ᠵᠠᠮ ᠳᠠᠭᠠᠨ ᠨᠠᠮᠠᠢᠢ ᠳᠠᠭᠠᠷᠠᠬᠤ ᠠᠴᠠ ᠪᠣᠯᠭᠤᠮᠵᠢᠯᠠᠨ᠂ ᠡᠩᠭᠡᠷ ᠤᠨ ᠲᠣᠪᠴᠢ ᠪᠠᠨ ᠲᠠᠶᠢᠯᠵᠣ ᠡᠪᠦᠷᠲᠦᠯᠡᠨ ᠪᠠᠭᠯᠠᠵᠣ ᠪᠥᠰᠡᠯᠡᠭᠡᠳ ᠮᠣᠷᠢᠨ ᠳᠠᠭᠠᠨ ᠮᠣᠷᠳᠠᠯ᠎ᠠ᠃ ᠪᠢ ᠴᠣ᠋ ᠡᠵᠢ ᠶᠢᠨ ᠬᠠᠯᠠᠭᠤᠨ ᠡᠯᠢᠭᠡᠨ ᠳᠤ ᠨᠠᠭᠠᠯᠳᠣᠵᠣ᠂ ᠮᠣᠷᠢᠨ ᠤ ᠬᠠᠲᠠᠷᠢᠭ᠎ᠠ ᠳᠤ ᠰᠠᠭᠠᠳᠠᠭᠤᠯᠣᠭᠳᠠᠨ ᠣᠨᠲᠠᠵᠣ ᠶᠠᠪᠣᠯ᠎ᠠ᠂᠂᠂᠂︾ ᠬᠡᠵᠦ ᠳᠤᠬᠠᠢ ᠶᠢᠨ ᠵᠢᠯ ᠤᠨ ᠶᠠᠪᠤᠳᠠᠯ ᠢ ᠨᠢᠳᠦᠨ ᠳᠤ ᠦᠵᠡᠭᠳᠡᠳᠡᠯ᠎ᠡ ᠲᠦᠷᠰᠦᠯᠡᠨ ᠶᠠᠷᠢᠬᠤ ᠠᠴᠠ ᠨᠢ ᠮᠤᠩᠭᠤᠯ ᠠᠪᠤ ᠡᠵᠢ ᠶᠢᠨ ᠢᠶᠠᠨ ᠡᠨᠡᠷᠢᠯ ᠬᠠᠶᠢᠷ᠎ᠠ ᠶᠢ ᠳᠤᠳᠤ ᠠᠴᠠ ᠳᠤᠳᠤ ᠴᠡᠭᠡᠵᠢᠯᠡᠵᠦ ᠶᠠᠪᠤᠭ᠎ᠠ ᠨᠢ ᠢᠯᠡᠬᠡᠨ ᠬᠠᠷᠠᠭᠳᠠᠨ᠎ᠠ᠃
      ᠨᠠᠷᠠᠠᠬᠤᠸᠠᠷ ᠠᠷᠪᠠᠨ ᠨᠠᠢᠮᠠᠨ ᠨᠠᠰᠤ ᠲᠠᠢ ᠳᠠᠭᠠᠨ        ᠢᠨᠢᠶᠡᠳᠦ ᠲᠠᠢ ᠤᠬᠢᠯᠠᠭᠠᠨ ᠲᠠᠢ ᠭᠡᠦᠭᠡᠳ ᠨᠠᠰᠤ ᠪᠠᠷ ᠢᠶᠠᠨ ᠠᠶᠢᠯ ᠬᠡᠷ ᠲᠤ ᠨᠢ ᠪᠠᠶᠠᠷ ᠴᠡᠩᠭᠡᠯ ᠨᠡᠮᠡᠷᠢᠯᠡᠨ᠂ ᠮᠤᠩᠭᠤᠯ ᠠᠶᠢᠯ ᠤᠨ ᠦᠷ᠎ᠡ ᠶᠢᠨ ᠭᠠᠭᠴᠠ ᠦᠬᠢᠨ ᠪᠤᠯᠵᠤ ᠵᠤᠯ ᠵᠢᠷᠭᠠᠯ ᠲᠠᠢ ᠳᠤᠷᠨᠢᠵᠠᠢ᠃ ᠡᠷᠡᠨ ᠴᠠᠭ ᠤᠨ ᠭᠠᠮᠰᠢᠭ ᠡᠳ᠋ ᠪᠤᠳᠠᠰ ᠬᠤᠪᠤᠷ ᠴᠤᠬᠠᠭ ᠪᠠᠶᠢᠳᠠᠯ ᠤᠨ ᠳᠤᠤᠷ᠎ᠠ ᠪᠡᠶ᠎ᠡ ᠪᠠᠭᠤᠷᠠᠢ ᠰᠢᠮ᠎ᠡ ᠲᠡᠵᠢᠬᠡᠯ ᠶᠡᠭᠡ ᠳᠤᠳᠠᠬᠳᠠᠬᠰᠠᠨ ᠦᠨᠤᠴᠢᠨ ᠬᠡᠤᠬᠡᠳ ᠢ ᠦᠰᠬᠡᠬᠦ ᠶᠢᠨ ᠲᠦᠯᠤᠬᠡ ᠡᠷᠭᠦᠭᠰᠡᠨ ᠡᠵᠢ ᠨᠢ ᠤᠯᠤᠰ ᠤᠨ ᠠᠵᠢᠯ ᠠᠯᠪᠠ᠂ ᠳᠤᠬᠳᠠᠪᠤᠷᠢᠳᠡᠢ ᠴᠠᠯᠢᠩ ᠮᠦᠩᠭᠦᠨ ᠠᠴᠠ ᠪᠠᠨ ᠴᠦ ᠳᠠᠳᠠᠭᠠᠯᠵᠠᠨ᠂ ᠦᠨᠢᠶ᠎ᠡ ᠲᠤᠭᠤᠯ ᠮᠠᠯᠵᠢᠵᠤ ᠰᠦ ᠰᠠᠭᠠᠯᠢ ᠪᠠᠷ ᠲᠡᠵᠢᠬᠡᠵᠤ᠂ ᠨᠠᠷᠠᠨᠬᠤᠸᠠᠷ ᠢ ᠡᠷᠡᠬᠦᠯ ᠴᠢᠬᠢᠷᠠᠭ ᠬᠦᠮᠤᠨ ᠪᠤᠯᠭᠠᠵᠡᠢ᠃      ᠭᠡᠦᠭᠡᠳ ᠪᠠᠶᠢᠳᠤᠭᠠᠢ ᠲᠤᠮᠤ ᠬᠦᠮᠤᠨ ᠴᠤ ᠪᠡᠬᠡᠵᠢᠩ ᠤᠷᠤᠬᠰᠡᠨ ᠨᠢ ᠲᠤᠭ᠎ᠠ ᠲᠠᠢ ᠪᠠᠶᠢᠬᠰᠠᠨ ᠳᠤᠬᠠᠢ ᠶᠢᠨ ᠦᠶ᠎ᠡ ᠳᠤ᠂ ᠦᠬᠢᠨ ᠤ ᠪᠠᠨ ᠳᠦᠷᠪᠡᠨ ᠨᠠᠰᠤᠨ ᠤ ᠤᠢ ᠶᠢ ᠪᠡᠯᠬᠡᠯᠡᠬᠦ ᠶᠢᠨ ᠲᠦᠯᠤᠬᠡ ᠠᠪᠤ ᠡᠵᠢ ᠨᠢ ᠳᠡᠬᠦᠨ ᠢ ᠳᠠᠭᠠᠭᠤᠯᠤᠨ ᠪᠡᠭᠡᠵᠢᠩ ᠬᠤᠲᠠ ᠳᠤ ᠤᠴᠢᠵᠤ ᠲᠢᠶᠠᠨ ᠠᠨ ᠮᠧᠨ ᠠᠭᠤᠳᠠᠮ ᠲᠠᠯᠠᠪᠠᠢ ᠳᠤ ᠰᠡᠭᠦᠳᠡᠷ ᠳᠠᠳᠠᠭᠤᠯᠵᠤ᠂ ᠬᠤᠳᠠ ᠶᠢᠨ ᠰᠤᠨᠢᠨ ᠰᠠᠶᠢᠬᠠᠨ ᠢ ᠬᠠᠷᠠᠭᠤᠯᠤᠭᠰᠠᠨ ᠶᠠᠪᠤᠳᠠᠯ ᠨᠢ ᠳᠡᠬᠦᠨ ᠤ ᠰᠡᠳᠬᠢᠯ ᠳᠤ ᠮᠠᠷᠳᠠᠭᠳᠠᠰᠢ ᠦᠬᠡᠢ ᠰᠠᠭᠤᠭᠳᠠᠯ ᠦᠯᠡᠳᠡᠭᠡᠭᠰᠡᠨ ᠪᠠᠶᠢᠵᠠᠢ᠃
     ᠡᠪᠤᠬᠡᠨ ᠲᠠᠢ ᠪᠠᠨ ᠬᠤᠶᠠᠭᠤᠯᠠ ᠰᠦᠷᠦᠭ ᠢᠶᠠᠨ ᠪᠠᠷᠠᠭᠠᠯᠠᠨ᠎ᠠ      ᠤᠶᠠᠭᠠᠴᠢ ᠠᠪᠤ ᠶᠢᠨ ᠢᠶᠠᠨ ᠨᠦᠯᠦᠬᠡ ᠪᠠᠷ ᠬᠦᠯᠦᠭ ᠮᠤᠷᠢᠨ ᠤ ᠨᠢᠷᠤᠭᠤᠨ ᠲᠡᠬᠡᠷ᠎ᠡ ᠦᠰᠦᠨ᠂ ᠮᠤᠷᠢᠨ ᠳᠤ ᠬᠠᠶᠢᠷᠠᠳᠠᠢ ᠪᠤᠯᠵᠤ᠂ ᠲᠠᠪᠤᠨ ᠬᠤᠰᠢᠭᠤ ᠮᠠᠯ ᠢᠶᠠᠨ ᠠᠷᠠᠴᠢᠯᠠᠨ ᠮᠠᠯᠵᠢᠬᠤ ᠵᠠᠩ ᠦᠢᠯᠡ ᠳᠤ ᠴᠠᠭᠠᠷᠠᠵᠤ᠂ ᠠᠪᠤ ᠶᠢᠨ ᠢᠶᠠᠨ ᠰᠤᠷᠭᠠᠯ᠂ ᠡᠵᠢ ᠶᠢᠨ ᠢᠶᠠᠨ ᠬᠠᠶᠢᠷ᠎ᠠ ᠪᠠᠷ ᠠᠵᠢᠯᠴᠢ ᠪᠤᠷᠤᠬᠵᠢᠭᠤᠨ ᠠᠴᠢᠯᠠᠯ ᠵᠢᠷᠤᠮ ᠲᠠᠢ ᠭᠤᠸ᠎ᠠ ᠰᠠᠶᠢᠬᠠᠨ ᠮᠤᠩᠭᠤᠯ ᠦᠬᠢᠨ ᠪᠤᠯᠵᠤ ᠬᠦᠮᠦᠵᠢᠭᠳᠡᠭᠰᠡᠨ ᠨᠠᠷᠠᠨᠬᠤᠸᠠᠷ ᠰᠤᠷᠭᠠᠭᠤᠯᠢ ᠳᠤ ᠤᠷᠤᠬᠤ ᠦᠶ᠎ᠡ ᠪᠠᠨ ᠳᠤᠷᠠᠰᠤᠨ᠄ ︽ ᠶᠢᠰᠤᠨ ᠨᠠᠰᠤᠳᠠᠢ ᠵᠢᠯ ᠠᠪᠤ ᠡᠵᠢ ᠮᠢᠨᠢ ᠨᠠᠮᠠᠢᠢ ᠰᠣᠷᠭᠠᠭᠤᠯᠢ ᠳᠤ ᠬᠦᠷᠭᠡᠭᠡᠳ ᠭᠡᠷ ᠲᠡᠭᠡᠨ ᠪᠣᠴᠠᠯ᠎ᠠ᠃ ᠨᠢᠭᠡᠳᠦᠯ ᠤᠨ ᠰᠣᠷᠭᠠᠭᠤᠯᠢ ᠶᠢᠨ ᠲᠠᠨᠢᠯ ᠪᠣᠰᠣ ᠣᠷᠴᠢᠨ ᠲᠣᠭᠤᠷᠢᠨ ᠳᠤ ᠲᠠᠰᠬᠤ ᠦᠭᠡᠢ᠂ ᠠᠪᠤ ᠡᠵᠢ ᠪᠠᠨ ᠰᠠᠨᠠᠵᠣ᠂ ᠭᠡᠷ ᠢᠶᠠᠨ ᠰᠠᠨᠠᠵᠣ ᠣᠬᠢᠯᠠᠵᠣ ᠡᠬᠢᠯᠡᠯ᠎ᠡ᠃ ᠲᠣᠯᠣᠭᠠᠨ ᠬᠤᠨᠤᠭ ᠰᠣᠷᠭᠠᠭᠤᠯᠢ ᠳᠤ ᠰᠠᠭᠤᠭᠠᠳ ᠡᠳᠦᠷ ᠡᠳᠦᠷ ᠣᠬᠢᠯᠠᠵᠣ ᠲᠣᠯᠣᠳᠣᠭᠠᠷ ᠡᠳᠦᠷ ᠨᠢ ᠠᠪᠤ ᠨᠢᠭᠡᠳᠦᠯ ᠤᠨ ᠬᠤᠷᠠᠯ ᠳᠤ ᠣᠷᠣᠯᠴᠠᠬᠤ ᠪᠠᠷ ᠢᠷᠡᠮᠡᠭᠴᠡ ᠣᠷᠢᠳ ᠢᠶᠠᠷ ᠰᠣᠷᠭᠠᠭᠤᠯᠢ ᠳᠤ ᠣᠴᠢᠵᠣ ᠬᠡᠣᠬᠡᠨ ᠢᠶᠠᠨ ᠦᠵᠡᠭᠰᠡᠨ ᠴᠢᠨᠢ ᠬᠡᠣᠬᠡᠨ ᠨᠢ ᠣᠬᠢᠯᠠᠭᠰᠠᠭᠠᠷ ᠪᠠᠶᠢᠵᠣ ᠨᠢᠳᠦ ᠨᠢ ᠣᠯᠠᠶᠢᠵᠣ ᠬᠠᠪᠣᠳᠣᠭᠰᠠᠨ ᠪᠠᠶᠢᠯ᠎ᠠ᠂ ᠠᠪᠤ ᠶᠢᠨ ᠢᠶᠠᠨ ᠭᠤᠶᠠᠨ ᠠᠴᠠ ᠲᠡᠪᠡᠷᠢᠵᠦ ᠵᠠᠭᠤᠷᠠᠭᠠᠳ ᠶᠠᠷᠦ ᠲᠠᠯᠪᠢᠬᠤ ᠦᠭᠡᠢ᠂ ᠨᠢᠭᠡ ᠯᠠ ᠵᠦᠭ ᠭᠡᠷ ᠲᠡᠭᠡᠨ ᠬᠠᠷᠢᠨ᠎ᠠ ᠭᠡᠪᠡ᠃ ᠢᠩᠭᠢᠭᠡᠳ ᠲᠣᠯᠣᠭᠠᠨ ᠬᠤᠨᠤᠭ ᠰᠣᠷᠭᠠᠭᠤᠯᠢ  ᠳᠤ ᠰᠠᠭᠤᠭᠠᠳ ᠲᠣᠯᠣᠭᠠᠨ ᠬᠤᠨᠤᠭ ᠣᠬᠢᠯᠠᠵᠣ ᠪᠠᠶᠢᠭᠠᠳ ᠭᠡᠷ ᠲᠡᠭᠡᠨ ᠪᠣᠴᠠᠭᠠᠳ᠂ ᠠᠪᠤ ᠡᠵᠢ ᠲᠠᠬᠢᠨ ᠰᠣᠷᠭᠠᠭᠤᠯᠢ ᠳᠤ ᠬᠦᠷᠭᠡᠵᠦ ᠴᠢᠳᠠᠭᠰᠠᠨ ᠦᠭᠡᠢ᠃ ᠬᠠᠶᠢᠷ᠎ᠠ ᠶᠢᠨ ᠡᠷᠬᠡᠨ ᠳᠤ ᠬᠡᠣᠬᠡᠨ ᠢᠶᠠᠨ ᠰᠣᠷᠭᠠᠭᠤᠯᠢ ᠳᠤ ᠰᠠᠭᠤᠯᠭᠠᠵᠣ ᠴᠢᠳᠠᠭᠰᠠᠨ ᠦᠭᠡᠢ ᠨᠢ ᠠᠪᠤ ᠡᠵᠢ ᠬᠤᠶᠠᠷ ᠤᠨ ᠮᠢᠨᠢ ᠲᠣᠶᠢᠯ ᠤᠨ ᠶᠡᠭᠡ ᠬᠠᠷᠠᠮᠰᠠᠯ ᠪᠣᠯᠣᠭᠰᠠᠨ ᠭᠡᠳᠡᠭ᠃ ᠮᠢᠨᠤ ᠠᠪᠤ ᠤᠯᠤᠰ ᠤᠨ ᠺᠠᠳᠠᠷ ᠪᠠᠶᠢᠬᠰᠠᠨ᠂ ᠬᠤᠷᠳᠤᠨ ᠮᠤᠷᠢ ᠰᠠᠶᠢᠨ ᠲᠠᠨᠢᠳᠠᠭ ᠦᠪᠤᠷ ᠮᠤᠩᠭᠤᠯ ᠤᠨ ᠠᠯᠳᠠᠷᠳᠤ ᠤᠶᠠᠭᠠᠴᠢᠨ ᠤ ᠨᠢᠬᠡ ᠪᠠᠶᠢᠬᠰᠠᠨ ᠲᠡᠤᠬᠡ ᠲᠠᠢ᠂ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠬᠳᠠᠬᠰᠠᠨ ᠠᠷᠪᠠᠨ ᠵᠢᠯ ᠤᠨ ᠤᠢ ᠳᠤ ᠠᠪᠤ ᠶᠢᠨ ᠮᠢᠨᠢ ᠤᠶᠠᠬᠰᠠᠨ ᠬᠡᠳᠤᠨ ᠮᠤᠷᠢᠳ ᠡᠯ᠎ᠡ ᠲᠦᠷᠤᠯ ᠤᠨ ᠤᠷᠤᠯᠳᠤᠭᠠᠨ ᠳᠤ ᠵᠡᠯ᠎ᠡ ᠪᠠᠷ ᠢᠶᠠᠨ ᠲᠡᠷᠢᠬᠦᠨ ᠳᠡᠳ᠋ ᠳᠤ ᠳᠠᠪᠬᠢᠵᠤ᠂ ᠰᠦᠨᠢᠳ ᠨᠤᠳᠤᠭ ᠤᠨ ᠲᠠᠮᠠᠴᠢ ᠬᠤᠷᠳᠤᠨ ᠬᠦᠯᠦᠭ ᠤᠨ ᠠᠯᠳᠠᠷ ᠢ ᠮᠠᠨᠳᠤᠭᠤᠯᠵᠤ᠂ ᠦᠪᠡᠷ ᠢᠶᠠᠨ ᠴᠤ ᠦᠪᠤᠷ ᠮᠤᠩᠭᠤᠯ ᠤᠷᠤᠨ ᠤ ︿ᠰᠤᠳᠤᠨ ᠤᠶᠠᠭᠠᠴᠢᠨ﹀ ᠠᠯᠳᠠᠨ ᠮᠧᠳᠠᠯ ᠢᠶᠠᠷ ᠡᠩᠬᠡᠷ ᠢᠶᠠᠨ ᠮᠢᠯᠢᠶᠠᠯᠭᠠᠵᠤ ᠪᠠᠶᠢᠵᠡᠢ﹀﹀ ᠬᠡᠵᠤ  ᠪᠠᠭ᠋ᠠᠷᠬᠠᠯ ᠲᠠᠢ ᠶᠠᠷᠢᠯ᠎ᠠ᠃
     ᠡᠪᠤᠬᠡᠨ ᠬᠡᠳᠤᠨ ᠤᠮᠪᠤᠯᠤ ᠲᠠᠢ ᠪᠠᠨ      ︽ᠬᠤᠷᠢᠨ ᠨᠠᠰᠤ ᠲᠠᠢ ᠳᠠᠭᠠᠨ ᠠᠪᠠᠭ᠋ᠠᠨᠠᠷ ᠬᠤᠰᠢᠭᠤᠨ ᠤ ᠳᠠᠪᠰᠢᠯᠳᠤ ᠰᠤᠮᠤᠨ ᠤ ᠬᠤᠷᠳᠤᠨ ᠮᠤᠷᠢᠨ ᠳᠤ ᠪᠠᠭ᠋ᠠᠳᠡᠢ ᠤᠶᠠᠭᠠᠴᠢᠨ ᠵᠠᠯᠠᠭᠤ ᠰᠠᠶᠢᠨᠪᠠᠭᠠᠲᠣᠷ ᠲᠠᠢ ᠨᠠᠶᠢᠷ ᠲᠡᠭᠡᠷ᠎ᠡ ᠳᠠᠨᠢᠯᠴᠠᠨ᠂ ᠮᠣᠩᠭᠤᠯ ᠵᠠᠩᠰᠢᠯ ᠢᠶᠠᠷ ᠬᠤᠷᠢᠮ ᠨᠠᠶᠢᠷ ᠬᠢᠵᠦ᠂ ᠵᠣᠯ ᠵᠢᠷᠭᠠᠯᠲᠠᠢ ᠰᠢᠨ᠎ᠡ ᠠᠶᠢᠯ ᠡᠷᠦᠬᠡ ᠪᠠᠨ ᠪᠠᠶᠢᠭᠤᠯᠵᠤ᠂ ᠭᠤᠷᠪᠠᠨ ᠬᠦᠤ ᠵᠠᠶᠠᠭᠠᠪᠠ᠃ ᠤᠳᠤ ᠬᠡᠤᠬᠡᠳ ᠤᠳ ᠮᠢᠨᠢ ᠪᠦᠬᠦᠳᠡᠬᠡᠷ ᠢᠶᠠᠨ ᠰᠤᠷᠭᠠᠭᠤᠯᠢ ᠰᠤᠷᠳᠠᠯ ᠰᠤᠷᠴᠤ᠂ ᠬᠤᠯᠠ ᠤᠶᠢᠷ᠎ᠠ ᠶᠠᠪᠤᠵᠤ ᠪᠤᠯᠪᠠᠰᠤᠷᠠᠯ ᠬᠦᠷᠲᠡᠵᠤ᠂ ᠬᠤᠯᠠ ᠤᠶᠢᠷ᠎ᠠ ᠶᠢᠨ ᠪᠡᠯᠴᠢᠬᠡᠷ ᠲᠤ  ᠦᠦᠷᠰᠡᠬᠦ ᠠᠳᠤᠭᠤᠨ ᠰᠦᠷᠦᠭ ᠲᠠᠢ᠂ ᠬᠤᠳᠠ ᠪᠠᠯᠭᠠᠰᠤᠨ ᠤ ᠠᠮᠢᠳᠤᠷᠠᠯ ᠳᠤ ᠰᠠᠭᠤᠬᠤ ᠠᠰᠠᠷ ᠰᠠᠭᠤᠴᠠ ᠲᠠᠢ ᠲᠠᠪᠠᠲᠠᠢ ᠠᠵᠤ ᠲᠦᠷᠤᠨ ᠰᠠᠶᠢᠬᠠᠨ ᠠᠮᠢᠳᠤᠷᠠᠵᠤ ᠪᠠᠶᠢᠨ᠎ᠠ  ᠃ ᠬᠤᠶᠠᠷ ᠠᠴᠢᠳᠠᠨ ᠪᠤᠭᠤᠷᠤᠯ ᠮᠢᠨᠢ ᠲᠠᠯᠠᠨ ᠨᠠᠰᠤᠨ ᠤ ᠳᠠᠪᠠᠭ᠎ᠠ ᠶᠢ ᠲᠠᠪᠠᠭᠠᠳ᠂ ᠬᠡᠳᠤᠨ ᠠᠴᠢ  ᠤᠮᠪᠤᠯᠤ ᠤᠨ ᠢᠶᠠᠨ ᠳᠠᠭᠠᠬᠢᠳᠠᠢ ᠵᠤᠯᠠᠢ ᠶᠢ ᠦᠨᠤᠷᠯᠡᠵᠤ᠂ ᠦᠳᠡᠯᠤᠬᠡ ᠨᠠᠰᠤ ᠪᠠᠨ ᠮᠢᠨᠦ ᠭᠠᠷ ᠲᠡᠬᠡᠷ᠎ᠡ ᠪᠠᠶᠠᠷ ᠪᠠᠶᠠᠰᠬᠤᠯᠠᠩ ᠲᠠᠢ ᠦᠩᠬᠡᠷᠡᠬᠡᠵᠤ ᠬᠤᠶᠢᠨ᠎ᠠ ᠬᠤᠶᠢᠨ᠎ᠠ ᠠᠴᠠ ᠪᠠᠨ ᠪᠤᠷᠬᠠᠨ ᠪᠤᠯᠤᠬᠰᠠᠨ᠃ ᠪᠢ ᠶᠡᠷᠤᠨᠢ ᠵᠢᠩᠬᠢᠨᠢ ᠮᠣᠩᠭᠤᠯ ᠬᠦᠮᠦᠨ ᠪᠣᠯᠵᠣ᠂ ᠶᠠᠳᠠᠬᠤ ᠳᠤ ᠬᠢᠲᠠᠳ ᠦᠭᠡ ᠴᠤ ᠶᠡᠷᠢᠵᠣ ᠴᠢᠳᠠᠬᠤ ᠦᠭᠡᠢ᠂ ᠮᠣᠩᠭᠤᠯ ᠨᠣᠲᠤᠭ ᠤᠨ ᠬᠦᠷᠦᠰᠦᠨ ᠲᠡᠭᠡᠷ᠎ᠡ ᠮᠣᠩᠭᠤᠯ ᠠᠪᠤ ᠡᠵᠢ ᠳᠤ ᠦᠷᠡᠴᠢᠯᠡᠭᠳᠡᠨ ᠶᠠᠮᠠᠷ ᠴᠣ᠋ ᠵᠣᠪᠠᠭᠤᠷᠢ ᠵᠦᠳᠡᠭᠦᠷᠢ᠂ ᠵᠣᠯ ᠪᠣᠰᠣ ᠶᠠᠪᠤᠳᠠᠯ ᠲᠠᠭᠠᠷᠠᠭᠰᠠᠨ ᠦᠭᠡᠢ᠂ ᠡᠷᠡᠭᠦᠯ ᠴᠢᠬᠢᠷᠠᠭ ᠡᠩᠬᠡ ᠠᠮᠢᠳᠤᠷᠠᠯ ᠲᠠᠢ᠂ ᠰᠠᠷᠠᠭᠤᠯ ᠣᠬᠠᠭᠠᠨ ᠲᠠᠢ ᠵᠣᠯ ᠵᠢᠷᠭᠠᠯ ᠲᠠᠢ ᠥᠰᠦᠨ ᠪᠣᠶᠢᠵᠢᠵᠣ᠂ ᠣᠳᠣ ᠦᠷ᠎ᠡ ᠬᠤᠶᠢᠴᠢᠰ ᠲᠠᠢ᠂ ᠮᠠᠯ ᠰᠦᠷᠦᠭ ᠦᠨᠢᠷ ᠥᠰᠴᠦ᠂ ᠠᠮᠢᠳᠣᠷᠠᠯ ᠪᠠᠳᠠᠷᠠᠨ ᠬᠥᠭᠵᠢᠵᠦ᠂ ᠪᠠᠶᠠᠷ ᠬᠥᠷ ᠲᠠᠢ ᠪᠠᠶᠠᠨ ᠲᠠᠩᠰᠤᠭ ᠠᠮᠢᠳᠣᠷᠠᠵᠣ ᠪᠠᠶᠢᠨ᠎ᠠ  ᠃ ᠡᠩᠬᠡ ᠲᠦᠷᠤ᠂  ᠡᠭᠡᠯ ᠮᠤᠩᠭᠤᠯ ᠠᠪᠤ ᠡᠵᠢ ᠶᠢᠨ ᠮᠢᠨᠢ ᠡᠨᠡᠷᠢᠯ ᠢᠪᠡᠬᠡᠯ ᠰᠦᠮᠪᠤᠷ ᠠᠭᠤᠯᠠᠨ ᠠᠴᠠ ᠶᠡᠭᠡ᠂ ᠰᠦᠨ ᠳᠠᠯᠠᠢ ᠠᠴᠠ ᠬᠦᠨ﹀﹀ ᠬᠡᠵᠤ  ᠰᠡᠳᠬᠢᠯ ᠲᠤᠬᠳᠤᠯᠤᠨ ᠶᠠᠷᠢᠯ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号