ᠵᠠᠭᠠᠨ ᠳᠠᠰᠤᠷᠬᠠᠢ ᠶᠢᠨ ᠳᠣᠮᠤᠭ
ᠨᠡᠶᠢᠲᠡᠯᠡᠭᠰᠡᠨ ᠴᠠᠭ᠄
2019/9/25
   ᠥᠷᠭᠡᠨᠲᠠᠯ᠎ᠠ ᠪᠠᠯᠭᠠᠰᠤᠨ ᠤ ᠬᠥᠭᠵᠢᠯᠲᠦ ᠭᠠᠴᠠᠭᠠᠨ ᠤ ᠨᠤᠲᠤᠭ ᠲᠤ ᠵᠠᠭᠠᠨ ᠳᠠᠰᠤᠷᠬᠠᠢ ᠭᠡᠵᠦ ᠪᠠᠶᠢᠳᠠᠭ᠃ ᠡᠷᠲᠡ ᠤᠷᠢᠳᠤ ᠶᠢᠨ ᠴᠠᠭ ᠲᠤ ᠠᠭᠤᠳᠠᠮ ᠴᠡᠯᠡᠭᠡᠷ ᠰᠥᠨᠢᠳ ᠤᠨ ᠨᠤᠲᠤᠭ ᠢ ᠨᠢᠭᠡᠨ ᠠᠪᠤᠷᠭᠤ ᠲᠣᠮᠤ ᠵᠠᠭᠠᠨ ᠡᠵᠡᠯᠡᠨ ᠠᠮᠢᠳᠤᠷᠠᠵᠤ ᠪᠠᠶᠢᠵᠦ ᠭᠡᠨ᠎ᠡ᠃ ᠲᠡᠷᠡ ᠥᠶ᠎ᠡ ᠳᠤ ᠡᠨᠡ ᠨᠤᠲᠤᠭ ᠲᠤ ᠵᠦᠢᠯ ᠤᠨ ᠴᠡᠴᠡᠭ ᠳᠡᠯᠭᠡᠷᠡᠨ ᠵᠢᠭᠦᠷᠲᠡᠨ ᠰᠢᠪᠠᠭᠤ ᠳᠣᠩᠭᠤᠳᠴᠦ᠂ ᠠᠷᠢᠶᠠᠲᠠᠨ ᠭᠥᠷᠦᠭᠡᠰᠦ ᠰᠦᠷᠦᠭᠯᠡᠭᠰᠡᠨ ᠠᠷᠤ ᠭᠠᠵᠠᠷ ᠤᠨ ᠰᠠᠶᠢᠬᠠᠨ ᠨᠤᠲᠤᠭ ᠪᠠᠶᠢᠵᠠᠢ᠃ ᠠᠡᠭ ᠠᠮᠢᠲᠠᠨ ᠡᠯᠪᠡᠭ ᠡᠨᠡ ᠰᠠᠶᠢᠬᠠᠨ ᠨᠤᠲᠤᠭ ᠲᠤ ᠠᠷᠤ ᠬᠠᠩᠭᠠᠢ ᠠᠭᠤᠯᠠ ᠶᠢᠨ ᠠᠷᠢᠶᠠᠲᠠᠨ ᠤ ᠬᠠᠭᠠᠨ ᠠᠷᠰᠠᠯᠠᠨ ᠢᠳᠡᠰᠢ ᠡᠷᠢᠭᠰᠡᠭᠡᠷ ᠶᠠᠪᠤᠵᠤ ᠪᠠᠶᠢᠭᠠᠳ ᠡᠨᠡ ᠨᠤᠲᠤᠭ ᠤᠨ ᠡᠵᠡᠨ ᠠᠪᠤᠷᠭᠤ ᠵᠠᠭᠠᠨ ᠲᠠᠢ ᠬᠠᠷᠭᠤᠵᠦ ᠭᠡᠨ᠎ᠡ᠃    ᠬᠤᠶᠠᠷ ᠠᠪᠤᠷᠭᠤ ᠠᠮᠢᠲᠠᠨ ᠬᠠᠷᠭᠤᠮᠠᠭᠴᠠ ᠥᠪᠡᠷ ᠥᠪᠡᠷ ᠤᠨ ᠠᠪᠢᠶᠠᠰ ᠪᠢᠯᠢᠭ᠂ ᠬᠦᠴᠦᠨ ᠴᠢᠳᠠᠯ ᠢᠶᠠᠨ ᠭᠠᠶᠢᠬᠠᠭᠤᠯᠵᠤ᠃ ᠨᠣᠣᠷᠠᠯᠳᠤᠨ ᠨᠣᠴᠤᠯᠳᠤᠵᠤ ᠭᠡᠨ᠎ᠡ᠃ ᠠᠪᠤᠷᠭᠤ ᠵᠠᠭᠠᠨ᠂ ᠠᠷᠢᠶᠠᠲᠠᠨ ᠤ ᠬᠠᠭᠠᠨ ᠠᠷᠰᠠᠯᠠᠨ ᠬᠤᠶᠠᠷ ᠬᠡᠳᠦᠨ ᠠᠷᠪᠠᠨ ᠡᠳᠦᠷ ᠨᠣᠣᠷᠠᠯᠳᠤᠨ᠂ ᠲᠡᠮᠡᠴᠡᠯᠳᠦᠭᠰᠡᠨ ᠭᠠᠵᠠᠷ ᠨᠢ ᠶᠡᠭᠡ ᠪᠠᠭ᠎ᠠ ᠬᠤᠩᠬᠤᠷ᠂ ᠬᠤᠲᠤᠭᠤᠷ ᠭᠠᠵᠠᠷ ᠪᠣᠯᠤᠨ ᠪᠥᠷᠢᠯᠳᠦᠵᠦ᠂ ᠡᠪᠡᠰᠦ ᠤᠷᠭᠤᠮᠠᠯ ᠨᠢ ᠭᠢᠰᠬᠢᠭᠳᠡᠨ ᠬᠠᠯᠴᠠᠭᠠᠶᠢᠷᠠᠵᠦ᠂ ᠲᠠᠴᠢᠷ ᠨᠢᠮᠬᠡᠨ ᠭᠤᠪᠢᠷᠬᠠᠭ ᠭᠠᠵᠠᠷ ᠪᠣᠯᠤᠨ ᠪᠥᠷᠢᠯᠳᠦᠵᠦ ᠭᠡᠨ᠎ᠡ᠃ ᠬᠠᠮᠤᠭ ᠡᠴᠦᠰ ᠲᠤ ᠬᠥᠳᠡᠯᠵᠦ ᠦᠰᠦᠷᠬᠦ ᠳᠡᠭᠡᠨ ᠬᠤᠷᠴᠠ ᠱᠠᠯᠠᠮᠠᠭᠠᠢ᠂ ᠠᠷᠢᠶᠠᠲᠠᠨ ᠤ ᠬᠠᠭᠠᠨ ᠠᠷᠰᠠᠯᠠᠨ ᠵᠠᠪᠰᠢᠶᠠᠨ ᠢ ᠳᠠᠯᠢᠮᠳᠠᠭᠤᠯᠤᠨ ᠰᠢᠪᠲᠤ ᠳᠠᠭᠠᠷᠢᠨ᠂ ᠠᠪᠤᠷᠭᠤ ᠵᠠᠭᠠᠨ ᠤ ᠪᠠᠭᠠᠯᠵᠤᠤᠷ ᠢ ᠠᠯᠮᠠᠰ ᠬᠤᠷᠴᠠ ᠰᠣᠶᠤᠭ᠎ᠠ ᠪᠠᠷ ᠢᠶᠠᠨ ᠲᠠᠰᠤ ᠬᠠᠵᠠᠭᠰᠠᠨ ᠠᠴᠠ ᠵᠠᠭᠠᠨ ᠦᠬᠦᠵᠦ ᠭᠡᠨ᠎ᠡ᠃ ᠵᠠᠭᠠᠨ ᠤ ᠲᠣᠯᠣᠭᠠᠢ ᠤᠷᠤᠭᠰᠢ ᠪᠠᠨ ᠤᠨᠠᠵᠦ᠂ ᠠᠪᠤᠷᠭᠤ ᠪᠦᠳᠦᠭᠦᠨ ᠪᠡᠶ᠎ᠡ ᠨᠢ ᠣᠷᠣᠨ ᠳᠠᠭᠠᠨ ᠠᠪᠤᠷᠭᠤ ᠥᠨᠳᠦᠷ ︽ᠰᠢᠯᠢ ᠶᠢᠨ ᠨᠢᠷᠤᠭᠤ︾ ᠪᠤᠯᠤᠨ ᠦᠯᠡᠳᠡᠵᠦ᠂ ᠡᠨᠡ ᠨᠢᠷᠤᠭᠤ ᠳᠠᠰᠤᠷᠬᠠᠶᠢᠳᠠᠨ ᠬᠠᠷᠠᠭᠳᠠᠳᠠᠭ ᠠᠴᠠ ᠬᠤᠵᠢᠮ ᠨᠢ ᠬᠥᠮᠦᠰ ᠵᠠᠭᠠᠨ ᠤ ᠳᠠᠰᠤᠷᠬᠠᠢ ᠬᠡᠮᠡᠨ ᠨᠡᠷᠡᠯᠡᠵᠦ ᠭᠡᠨ᠎ᠡ᠃        ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13᠎ ᠠᠴᠠ ᠰᠡᠶᠢᠷᠡᠭᠦᠯᠪᠡ᠃  
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号