ᠨᠣᠮᠤᠭᠠᠨ ᠬᠠᠶᠢᠷᠬᠠᠨ ᠤ ᠳᠣᠮᠤᠭ
ᠨᠡᠶᠢᠲᠡᠯᠡᠭᠰᠡᠨ ᠴᠠᠭ᠄
2019/9/23
   ᠰᠥᠨᠢᠳ ᠪᠠᠷᠠᠭᠤᠨ ᠬᠤᠰᠢᠭᠤᠨ ᠤ ᠪᠠᠷᠠᠭᠤᠨ ᠬᠤᠶᠢᠲᠤ ᠬᠢᠵᠠᠭᠠᠷ ᠡᠷᠢᠶᠡᠨᠨᠠᠭᠤᠷ ᠰᠤᠮᠤᠨ ᠤ ᠨᠤᠲᠤᠭ ᠢᠶᠠᠷ ᠬᠤᠶᠢᠨ᠎ᠠ ᠠᠴᠠ ᠤᠷᠤᠭᠰᠢ ᠪᠠᠨ ᠰᠥᠨᠳᠡᠷᠯᠡᠨ ᠤᠷᠲᠤᠯᠠᠭᠰᠠᠨ ᠠᠭᠤᠯᠠ ᠶᠢ ᠨᠣᠮᠤᠭᠠᠨ ᠬᠠᠶᠢᠷᠬᠠᠨ ᠭᠡᠵᠦ ᠨᠡᠷᠡᠯᠡᠳᠡᠭ᠃    ᠡᠨᠡ ᠨᠣᠮᠤᠭᠠᠨ ᠬᠠᠶᠢᠷᠬᠠᠨ ᠳᠤ ᠡᠶᠢᠮᠦ ᠨᠢᠭᠡ ᠰᠠᠶᠢᠬᠠᠨ ᠳᠣᠮᠤᠭ ᠪᠠᠶᠢᠳᠠᠭ᠃ ᠡᠷᠲᠡ ᠣᠷᠢᠳᠤ ᠶᠢᠨ ᠴᠠᠭ ᠲᠤ ᠡᠨᠡ ᠰᠠᠶᠢᠬᠠᠨ ᠨᠤᠲᠤᠭ ᠲᠤ ᠠᠳᠤᠭᠤ ᠮᠠᠯ ᠨᠢ ᠣᠨᠳᠤᠷᠠᠨ ᠠᠷᠠᠳ ᠲᠦᠮᠡᠨ ᠨᠢ ᠵᠢᠷᠭᠠᠯᠲᠠᠢ᠂ ᠠᠷᠰᠢ ᠶᠢᠨ ᠣᠷᠣᠨ ᠰᠢᠭ ᠰᠠᠶᠢᠬᠠᠨ ᠨᠤᠲᠤᠭ ᠪᠠᠶᠢᠵᠠᠢ᠃    ᠨᠢᠭᠡᠨ ᠡᠳᠦᠷ ᠪᠤᠷ ᠪᠤᠷ ᠪᠣᠷᠤᠭᠠᠨ ᠣᠷᠤᠭᠤᠯᠤᠭᠰᠠᠭᠠᠷ᠂ ᠰᠡᠷ ᠰᠡᠷ ᠰᠠᠯᠬᠢ ᠲᠠᠯᠪᠢᠭᠰᠠᠭᠠᠷ᠂ ᠡᠭᠦᠯᠡ ᠮᠠᠨᠠᠨ ᠪᠥᠷᠬᠦᠭᠦᠯᠵᠦ᠂ ᠡᠳᠦᠷ ᠤᠨ ᠨᠠᠷᠠ ᠶᠢ ᠬᠠᠯᠬᠠᠯᠠᠨ᠂ ᠦᠵᠡᠬᠦ ᠳᠦᠷᠢ ᠨᠢ ᠪᠣᠯᠬᠢ ᠠᠷᠪᠠᠨ ᠬᠤᠶᠠᠷ ᠲᠣᠯᠤᠭᠠᠢ ᠲᠠᠢ ᠠᠷᠵᠠᠭᠠᠷ ᠬᠠᠷ᠎ᠠ ᠮᠠᠩᠭᠤᠰ᠂ ᠡᠨᠡ ᠨᠤᠲᠤᠭ ᠲᠤ ᠢᠷᠡᠵᠦ ᠡᠳ᠋ ᠮᠠᠯ ᠢ ᠨᠢ ᠳᠡᠭᠡᠷᠡᠮᠳᠡᠨ᠂ ᠡᠬᠡ ᠨᠤᠲᠤᠭ ᠢ ᠨᠢ ᠪᠤᠵᠠᠷᠯᠠᠵᠦ ᠠᠷᠠᠳ ᠢᠷᠭᠡᠳ ᠢ ᠨᠢ ᠳᠠᠷᠤᠯᠠᠨ ᠠᠶᠤᠯ ᠲᠠᠮᠤ ᠶᠢᠨ ᠬᠠᠷ᠎ᠠ ᠳᠠᠯᠠᠢ ᠳᠤ ᠵᠢᠪᠪᠦᠭᠦᠯᠵᠦ ᠣᠷᠬᠢᠵᠠᠢ᠃ ᠡᠭᠦᠨ ᠢ ᠮᠡᠳᠡᠭᠰᠡᠨ ᠠᠷᠪᠠᠨ ᠵᠦᠭ ᠤᠨ ᠪᠣᠭᠳᠠ ᠭᠡᠰᠡᠷ ᠬᠠᠭᠠᠨ ᠠᠯᠤᠰ ᠨᠤᠲᠤᠭ ᠠᠴᠠ ᠪᠢᠯᠢᠭ ᠤᠨ ᠨᠢᠳᠦ ᠪᠠᠷ ᠨᠤᠲᠤᠭ ᠣᠷᠣᠨ ᠤ ᠮᠠᠩᠭᠤᠰ ᠤᠨ ᠬᠠᠷ᠎ᠠ ᠠᠶᠤᠯ ᠳᠤ ᠳᠠᠯᠬᠢᠭᠳᠠᠵᠤ ᠪᠠᠶᠢᠭ᠎ᠠ ᠶᠢ ᠣᠯᠵᠦ ᠮᠡᠳᠡᠮᠡᠭᠴᠡ᠂ ᠠᠭᠤᠷᠯᠠᠬᠤ ᠶᠢᠨ ᠶᠡᠭᠡ ᠪᠠᠷ ᠠᠭᠤᠷᠯᠠᠵᠦ᠂ ᠤᠯᠠᠭᠠᠨ ᠵᠡᠭᠡᠷᠳᠡ ᠠᠵᠢᠨᠠᠢ ᠬᠥᠯᠦᠭ ᠲᠡᠭᠡᠨ ᠮᠣᠷᠳᠠᠨ᠂ ᠡᠷᠳᠡᠨᠢ ᠶᠢᠨ ᠰᠡᠯᠡᠮ᠎ᠡ ᠪᠠᠨ ᠳᠠᠯᠠᠶᠢᠵᠦ ᠬᠦᠴᠦᠲᠦ ᠨᠤᠮᠤ ᠪᠠᠨ ᠲᠡᠯᠡᠵᠦ᠂ ᠮᠠᠩᠭᠤᠰ ᠢ ᠳᠠᠷᠤᠬᠤ ᠪᠠᠷ ᠢᠷᠡᠵᠠᠢ᠃ ᠠᠷᠪᠠᠨ ᠵᠦᠭ ᠤᠨ ᠪᠣᠭᠳᠠ ᠭᠡᠰᠡᠷ ᠬᠠᠭᠠᠨ ᠮᠠᠩᠭᠤᠰ ᠲᠠᠢ ᠠᠭᠤᠯᠵᠠᠮᠠᠭᠴᠠ᠂ ᠲᠡᠭᠷᠢ ᠳᠤ ᠭᠠᠷᠤᠨ ᠣᠲᠣ ᠲᠣᠭᠠᠯᠠᠨ ᠪᠠᠶᠢᠯᠳᠤᠵᠤ᠂ ᠭᠠᠵᠠᠷ ᠲᠤ ᠣᠷᠣᠨ ᠦᠨᠳᠦᠰᠦ ᠲᠣᠭᠠᠯᠠᠨ ᠪᠠᠶᠢᠯᠳᠤᠵᠦ᠂ ᠳᠣᠯᠣᠭᠠᠨ ᠳᠣᠯᠤᠭ᠎ᠠ ᠳᠥᠴᠢ ᠶᠢᠰᠦᠨ ᠬᠤᠨᠤᠭ ᠢᠶᠠᠷ ᠪᠠᠶᠢᠯᠳᠤᠨ᠂ ᠡᠷᠳᠡᠨᠢ ᠶᠢᠨ ᠰᠡᠯᠡᠮ᠎ᠡ ᠶᠢᠨ ᠢᠶᠠᠨ ᠬᠤᠷᠴᠠ ᠢᠷ ᠢᠶᠠᠷ ᠮᠠᠩᠭᠤᠰ ᠤᠨ ᠠᠷᠪᠠᠨ ᠬᠤᠶᠠᠷ ᠲᠣᠯᠤᠭᠠᠢ ᠢ ᠨᠢᠭᠡ ᠨᠢᠭᠡ ᠪᠠᠷ ᠲᠠᠰᠤ ᠲᠠᠰᠤ ᠴᠠᠪᠴᠢᠵᠦ᠂ ᠬᠦᠴᠦᠲᠦ ᠨᠤᠮᠤ ᠪᠠᠨ ᠲᠡᠯᠡᠵᠦ ᠪᠢᠯᠢᠭ ᠤᠨ ᠰᠣᠮᠣ ᠪᠠᠨ ᠬᠠᠷᠪᠤᠭᠰᠠᠨ ᠳᠤ ᠠᠶᠤᠯᠲᠤ ᠮᠠᠩᠭᠤᠰ ᠤᠨ ᠨᠢᠭᠦᠯᠲᠦ ᠬᠠᠷ᠎ᠠ ᠵᠢᠷᠦᠬᠡᠨ ᠳᠤ ᠱᠠᠭᠠᠵᠦ ᠠᠷᠤ ᠨᠤᠲᠤᠭ ᠢ ᠳᠠᠯᠬᠢᠭᠳᠠᠵᠤ ᠪᠠᠶᠢᠭᠰᠠᠨ ᠠᠶᠤᠯᠲᠤ ᠬᠠᠷ᠎ᠠ ᠮᠠᠩᠭᠤᠰ ᠦᠬᠦᠵᠠᠢ᠃ᠠᠷᠪᠠᠨ ᠵᠦᠭ ᠤᠨ ᠪᠣᠭᠳᠠ ᠭᠡᠰᠡᠷ ᠬᠠᠭᠠᠨ᠂ ᠮᠠᠩᠭᠤᠰ ᠤᠨ ᠬᠡᠭᠦᠷ ᠪᠡᠶ᠎ᠡ ᠨᠢ ᠳᠠᠬᠢᠵᠦ ᠠᠮᠢᠯᠠᠭᠠᠳ ᠠᠷᠠᠳ ᠢᠷᠭᠡᠳ ᠳᠤ ᠭᠠᠢ ᠪᠠᠷᠴᠢᠳ ᠤᠴᠠᠷᠠᠭᠤᠯᠬᠤ ᠠᠴᠠ ᠰᠡᠷᠭᠡᠶᠢᠯᠡᠵᠦ ᠡᠷᠳᠡᠨᠢ ᠶᠢᠨ ᠨᠤᠮᠤ ᠰᠣᠮᠣ ᠪᠠᠨ ᠮᠠᠩᠭᠤᠰ ᠢ ᠳᠠᠷᠤᠭᠰᠠᠨ ᠭᠠᠵᠠᠷ ᠳᠠᠷᠤᠯᠭ᠎ᠠ ᠪᠣᠯᠭᠠᠨ ᠲᠠᠯᠪᠢᠭᠰᠠᠨ ᠳᠤ ᠨᠤᠮᠤ ᠨᠢ ᠠᠭᠤᠯᠠ ᠪᠣᠯᠤᠨ ᠰᠡᠬᠦᠶᠢᠵᠦ᠂ ᠰᠤᠮᠤ ᠨᠢ ᠠᠭᠤᠯᠠ ᠶᠢᠨ ᠢᠶᠠᠨ ᠡᠩᠭᠡᠷ ᠲᠤ ᠥᠨᠳᠦᠷ ᠰᠦᠷᠯᠢᠭ ᠣᠪᠣᠭ᠎ᠠ ᠪᠣᠯᠤᠨ ᠰᠡᠬᠦᠶᠢᠵᠦ᠂ ᠨᠤᠲᠤᠭ ᠤᠨ ᠮᠠᠯᠴᠢᠳ ᠨᠢ ᠠᠶᠤᠯ ᠵᠤᠪᠠᠯᠠᠩ ᠠᠷᠢᠯᠵᠤ᠂ ᠠᠮᠤᠷ ᠲᠠᠶᠢᠪᠤᠩ ᠪᠣᠯᠤᠭᠠᠳ ᠠᠳᠤᠭᠤ ᠮᠠᠯ ᠲᠠᠯ᠎ᠠ ᠳᠦᠭᠦᠷᠡᠩ ᠪᠡᠯᠴᠢᠵᠦ᠂ ᠠᠵᠠ ᠵᠢᠷᠭᠠᠯ ᠲᠠᠢ ᠠᠮᠢᠳᠤᠷᠠᠬᠤ ᠪᠣᠯᠤᠭᠰᠠᠨ ᠳᠤ ᠠᠷᠪᠠᠨ ᠵᠦᠭ ᠤᠨ ᠪᠣᠭᠳᠠ ᠭᠡᠰᠡᠷ ᠪᠠᠭᠠᠳᠤᠷ ᠢᠶᠠᠨ ᠳᠤᠷᠠᠰᠬᠠᠨ᠂ ᠠᠭᠤᠯᠠ ᠤᠰᠤᠨ ᠤ ᠨᠠᠪᠳᠠᠭ ᠰᠠᠪᠳᠠᠭ ᠢ ᠪᠠᠶᠠᠰᠬᠠᠨ᠂ ᠬᠤᠷᠮᠤᠰᠲᠠ ᠲᠡᠭᠷᠢ ᠶᠢ ᠰᠢᠲᠦᠨ᠂ ᠬᠤᠷ᠎ᠠ ᠪᠤᠷᠤᠭᠠᠨ ᠬᠦᠰᠡᠵᠦ᠂ ᠪᠠᠶᠠᠨ ᠴᠢᠨᠡᠭᠡᠯᠢᠭ ᠥᠭᠡᠳᠡ ᠡᠰᠡᠷᠡᠭ ᠠᠮᠢᠳᠤᠷᠠᠬᠤ ᠶᠢᠨ ᠲᠥᠯᠦᠭᠡ᠂ ᠵᠢᠯ ᠪᠦᠷᠢ ᠨᠣᠮᠤᠭᠠᠨ ᠬᠠᠶᠢᠷᠬᠠᠨ ᠢᠶᠠᠨ ᠳᠠᠬᠢᠳᠠᠭ ᠪᠠᠶᠢᠨ᠎ᠠ᠃ ᠡᠶᠢᠮᠦ ᠠᠴᠠ ᠨᠣᠮᠤᠭᠠᠨ ᠭᠡᠰᠡᠨ ᠦᠭᠡ ᠨᠢ ᠨᠤᠮᠤ ᠠᠴᠠ ᠬᠤᠪᠢᠷᠠᠵᠦ ᠢᠷᠡᠯ᠎ᠡ ᠭᠡᠰᠡᠨ ᠤᠯᠠᠮᠵᠢᠯᠠᠯ ᠶᠠᠷᠢᠶ᠎ᠠ ᠪᠠᠶᠢᠳᠠᠭ᠃    ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13᠎ ᠠᠴᠠ ᠰᠡᠶᠢᠷᠡᠭᠦᠯᠪᠡ᠃  
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号