ᠡᠷᠲᠡ ᠤᠷᠢᠲᠤ ᠶᠢᠨ ᠴᠠᠭ ᠲᠤ ᠰᠥᠨᠢᠳ ᠭᠡᠰᠡᠨ ᠨᠡᠷ᠎ᠡ ᠲᠠᠢ ᠰᠥᠰᠦ ᠵᠣᠷᠢᠭ ᠲᠠᠢ᠂ ᠡᠷᠡᠯᠬᠡᠭ ᠪᠠᠭᠠᠳᠤᠷᠯᠢᠭ | ᠵᠠᠩ ᠲᠠᠢ ᠠᠳᠤᠭᠤᠴᠢᠨ ᠵᠠᠯᠠᠭᠤ ᠡᠷᠢᠯ ᠰᠤᠷᠠᠭ ᠢᠶᠠᠷ ᠶᠠᠪᠤᠭᠰᠠᠭᠠᠷ ᠪᠠᠶᠢᠭᠠᠳ ᠡᠨᠡ ᠠᠭᠤᠳᠠᠮ ᠶᠡᠭᠡ ᠲᠠᠯ᠎ᠠ ᠶᠢᠨ | ᠳᠤᠮᠳᠠ ᠰᠠᠷᠭᠠᠢ ᠴᠡᠴᠡᠭ ᠢ ᠢᠴᠢᠭᠡᠮ᠎ᠡ᠂ ᠰᠠᠷᠠᠨ ᠳᠠᠭᠢᠨᠢ ᠰᠢᠭ ᠰᠠᠶᠢᠬᠠᠨ ᠲᠥᠷᠦᠭᠰᠡᠨ ᠲᠠᠮᠥ ᠭᠡᠭᠴᠢ ᠬᠤᠨᠢᠴᠢᠨ | ᠬᠡᠦᠬᠡᠨ ᠲᠠᠢ ᠲᠠᠨᠢᠯᠴᠠᠵᠤ ᠭᠡᠨ᠎ᠡ᠃ ᠬᠤᠶᠠᠷ ᠵᠠᠯᠠᠭᠤ ᠠᠭᠤᠯᠵᠠᠮᠠᠭᠴᠠ ᠪᠠᠨ ᠪᠠᠶ᠎ᠡ ᠪᠡᠶ᠎ᠡ ᠪᠠᠨ ᠲᠣᠭᠤᠵᠤ ᠭᠦᠨ | ᠵᠤᠵᠠᠭᠠᠨ ᠬᠠᠶᠢᠷ᠎ᠠ ᠰᠡᠳᠭᠢᠯ ᠲᠠᠢ ᠪᠣᠯᠵᠤ ᠭᠡᠨ᠎ᠡ᠃ ᠰᠥᠨᠢᠳ ᠵᠠᠯᠠᠭᠤ ᠰᠦ ᠰᠢᠭ ᠴᠠᠶᠢᠯᠭᠠᠨ ᠰᠡᠳᠭᠢᠯ ᠲᠠᠢ᠂ | ᠰᠦᠷᠡᠬᠡᠢ ᠰᠠᠶᠢᠬᠠᠨ ᠲᠦᠷᠦᠭᠰᠡᠨ ᠬᠤᠨᠢᠴᠢᠨ ᠬᠡᠥᠬᠡᠨ ᠤ ᠭᠦᠨ ᠵᠤᠵᠠᠭᠠᠨ ᠢᠨᠠᠭ ᠬᠠᠯᠠᠭᠤᠨ ᠰᠡᠳᠭᠢᠯ ᠳᠤ ᠨᠢ | ᠳᠠᠰᠴᠤ ᠰᠠᠯᠵᠤ ᠶᠠᠳᠠᠨ ᠪᠠᠶᠢᠪᠠᠴᠤ᠂ ᠠᠷᠤ ᠭᠡᠷ ᠠᠳᠤᠭᠤ ᠮᠠᠯ ᠤᠨ ᠡᠷᠢᠯ ᠳᠤ ᠪᠠᠨ ᠶᠠᠪᠤᠬᠤ ᠦᠭᠡᠢ ᠪᠣᠯᠬᠤ ᠦᠭᠡᠢ | ᠲᠤᠯᠠ ᠠᠷᠭ᠎ᠠ ᠪᠤᠰᠣ ᠬᠠᠶᠢᠷᠠᠲᠦ ᠬᠡᠥᠬᠡᠨ ᠠᠴᠠ ᠪᠠᠨ ᠰᠠᠯᠵᠤ ᠶᠠᠪᠤᠬᠤ ᠳᠤ ᠪᠠᠨ ᠢᠷᠡᠬᠦ ᠵᠢᠯ ᠤᠨ ᠵᠤᠨ ᠤ ᠲᠡᠷᠢᠭᠦᠨ | ᠰᠠᠷ᠎ᠠ ᠶᠢᠨ ᠰᠠᠷ᠎ᠠ ᠲᠡᠷᠭᠡᠯᠰᠢᠬᠦ ᠥᠶ᠎ᠡ ᠪᠠᠷ ᠬᠤᠣᠰ ᠮᠣᠷᠢ ᠲᠠᠢ ᠢᠷᠡᠵᠦ ᠬᠠᠶᠢᠷᠠᠲᠦ ᠬᠤᠩᠭᠤᠷ ᠢᠶᠠᠨ ᠳᠣᠰᠴᠤ | ᠬᠠᠮᠲᠤ ᠪᠠᠷ ᠠᠮᠢᠳᠤᠷᠠᠬᠤ ᠪᠠᠷ ᠪᠤᠯᠵᠦᠵᠤ ᠭᠡᠨ᠎ᠡ᠃ | ᠰᠥᠨᠢᠳ ᠵᠠᠯᠠᠭᠤ ᠴᠢᠨᠠᠭᠰᠢ ᠡᠷᠢᠯ ᠢᠶᠠᠷ ᠶᠠᠪᠤᠵᠤ ᠠᠳᠤᠭᠤ ᠮᠠᠯ ᠢᠶᠠᠨ ᠣᠯᠵᠤ ᠨᠤᠲᠤᠭ ᠲᠤ ᠪᠠᠨ ᠬᠠᠷᠢᠭᠠᠳ᠂ | ᠨᠢᠭᠡᠨ ᠤᠳᠠᠭᠠᠨ ᠤ ᠠᠳᠤᠭᠤᠨ ᠳᠡᠯᠯᠡᠭᠡ ᠳᠡᠭᠡᠷ᠎ᠡ ᠬᠦᠷᠴᠦ᠂ ᠲᠦᠷᠦᠭᠰᠡᠨ ᠠᠴᠠ ᠨᠢ ᠠᠪᠤᠭᠠᠳ ᠬᠥᠮᠦᠨ ᠤ ᠭᠠᠷ | ᠬᠦᠷᠴᠦ ᠦᠵᠡᠭᠡ ᠦᠭᠡᠢ ᠠᠩᠭᠠᠯ ᠡᠮᠨᠢᠭ ᠳᠣᠭᠰᠢᠨ ᠠᠵᠢᠷᠭ᠎ᠠ ᠶᠢ ᠨᠣᠮᠤᠳᠬᠠᠬᠤ ᠭᠡᠳ ᠠᠵᠠ ᠪᠤᠰᠤ ᠪᠠᠷ ᠠᠳᠡᠵᠦ | ᠠᠮᠠᠷᠠᠭ ᠬᠤᠩᠭᠤᠷ ᠲᠤ ᠪᠠᠨ ᠪᠤᠴᠠᠵᠤ ᠢᠷᠡᠵᠤ ᠴᠢᠳᠠᠭᠰᠠᠨ ᠦᠭᠡᠢ ᠡᠭᠦᠷᠢᠳᠡ ᠶᠢᠷᠲᠢᠨᠴᠦ ᠠᠴᠠ ᠠᠩᠭᠢᠵᠢᠷᠠᠵᠤ ᠭᠡᠨ᠎ᠡ | ᠃ ᠡᠭᠦᠨ ᠠᠴᠠ ᠬᠤᠶᠢᠰᠢ ᠭᠡᠴᠢᠨᠡᠨ ᠵᠢᠯ ᠬᠦᠯᠢᠶᠡᠵᠦ ᠰᠠᠭᠤᠭᠰᠠᠨ ᠬᠡᠦᠬᠡᠨ ᠬᠤᠩᠭᠤᠷ ᠲᠠᠮᠦ ᠨᠢ ᠰᠥᠨᠢᠳ | ᠵᠠᠯᠠᠭᠤ ᠪᠠᠨ ᠡᠷᠢᠬᠦ ᠪᠠᠷ ᠤᠰᠤ ᠤᠮᠳᠠ ᠦᠭᠡᠢ ᠡᠨᠡ ᠠᠭᠤᠳᠠᠮ ᠶᠡᠭᠡ ᠲᠠᠯ᠎ᠠ ᠳᠤ ᠠᠩᠭᠠᠵᠦ ᠴᠠᠩᠭᠠᠵᠦ ᠨᠠᠰᠤ | ᠪᠠᠷᠠᠭᠰᠠᠨ ᠶᠤᠮ ᠭᠡᠨ᠎ᠡ᠃ ᠡᠨᠡ ᠨᠤᠲᠤᠭ ᠤᠨ ᠬᠥᠮᠦᠰ ᠬᠠᠶᠢᠷ᠎ᠠ ᠰᠡᠳᠭᠢᠯ ᠳᠤ ᠪᠠᠨ ᠦᠨᠡᠨᠴᠢ ᠪᠠᠶᠢᠳᠠᠭ ᠲᠡᠮᠥ | ᠬᠡᠦᠬᠡᠨ ᠢ ᠳᠤᠷᠠᠰᠬᠠᠬᠤ ᠳᠤ ᠪᠠᠨ ᠡᠨᠡ ᠲᠠᠯ᠎ᠠ ᠶᠢ ︽ᠲᠡᠮᠥᠴᠢ ᠶᠢᠨ ᠲᠠᠯ᠎ᠠ︾ ᠬᠡᠮᠡᠨ ᠨᠡᠷᠡᠯᠡᠵᠤ᠂ ᠦᠨᠡᠨᠴᠢ ᠬᠠᠶᠢᠷ᠎ᠠ | ᠲᠠᠢ ᠬᠤᠶᠠᠷ ᠵᠠᠯᠠᠭᠤ ᠶᠢᠨ ᠨᠡᠷ᠎ᠡ ᠶᠢᠨ ᠤᠶᠠᠯᠳᠤᠯ ᠪᠣᠯᠵᠤ ᠲᠡᠮᠥᠴᠢ ᠶᠢᠨ ᠰᠥᠨᠢᠳ ᠭᠡᠳᠡᠭ ᠭᠡᠨ᠎ᠡ᠃ | ᠡᠨᠡ ᠳᠣᠬᠠᠢ ᠪᠠᠰᠠ ᠨᠢᠭᠡ ᠳᠣᠮᠤᠭ ᠶᠠᠷᠢᠶ᠎ᠠ ᠪᠠᠶᠢᠳᠠᠭ ᠢ ᠰᠠᠶᠢᠨᠪᠠᠶᠠᠷ ᠭᠤᠸᠠᠢ ᠡᠮᠬᠢᠳᠬᠡᠵᠦ ︽ᠰᠥᠨᠢᠳ | ᠪᠠᠷᠠᠭᠤᠨ ᠬᠤᠰᠢᠭᠤᠨ ᠤ ᠲᠡᠦᠬᠡᠨ ᠮᠠᠲ᠋ᠧᠷᠢᠶᠠᠯ︾ ᠤᠨ 3 ᠳ᠋ᠤᠭᠠᠷ ᠡᠮᠬᠢᠳᠭᠡᠯ ︵1986 ᠣᠨ ᠳᠤ ᠬᠡᠪᠯᠡᠭᠦᠯᠪᠡ︶ | ᠳᠤ ᠨᠡᠶᠢᠲᠡᠯᠡᠭᠦᠯᠵᠦ ᠦᠩᠭᠡᠷᠡᠪᠡ᠃ | | | ᠵᠣ᠂ ᠰᠡᠴᠡᠨᠪᠠᠭᠠᠲᠤᠷ ︽ᠳᠣᠮᠣᠭᠲᠤ ᠨᠤᠲᠤᠭ ᠤᠨ ᠴᠤᠤᠲᠤ ᠬᠦᠮᠦᠰ︾ ᠰᠥᠨᠢᠳ ᠪᠠᠷᠠᠭᠤᠨ ᠬᠤᠰᠢᠭᠤᠨ ᠤ | ᠰᠣᠶᠣᠯ ᠲᠡᠦᠬᠡ ᠶᠢᠨ ᠮᠠᠲ᠋ᠧᠷᠢᠶᠠᠯ 13 ᠠᠴᠠ ᠰᠡᠶᠢᠷᠡᠭᠦᠯᠪᠡ᠃ |