ᠪᠥᠲᠦᠮᠵᠢ ᠬᠠᠶᠢᠷᠬᠠᠨ ᠤ ᠳᠣᠮᠤᠭ
ᠨᠡᠶᠢᠲᠡᠯᠡᠭᠰᠡᠨ ᠴᠠᠭ᠄
2019/9/20
   ᠶᠡᠭᠡ ᠪᠠᠭ᠎ᠠ ᠪᠥᠲᠦᠮᠵᠢ ᠬᠠᠶᠢᠷᠬᠠᠨ ᠤ ᠳᠣᠬᠠᠢ ᠮᠠᠰᠢ ᠰᠠᠶᠢᠬᠠᠨ ᠳᠣᠮᠤᠭ ᠤᠳ ᠪᠠᠶᠢᠳᠠᠭ᠃ ᠡᠭᠦᠨ ᠤ ᠳᠣᠲᠤᠷ᠎ᠠ ᠠᠴᠠ ᠨᠢᠭᠡ ᠶᠢ ᠳᠤᠷᠠᠳᠪᠠᠯ᠄ ᠡᠷᠲᠡ ᠤᠷᠢᠳᠤ ᠶᠢᠨ ᠴᠠᠭ ᠬᠠᠮᠢᠭ᠎ᠠ ᠭᠠᠵᠠᠷ ᠠᠴᠠ ᠭᠠᠷᠴᠤ ᠢᠷᠡᠭᠰᠡᠨ ᠢ ᠨᠢ ᠮᠡᠳᠡᠬᠦ ᠦᠭᠡᠢ ᠬᠡᠷᠴᠡᠭᠡᠢ ᠠᠬ᠎ᠠ ᠳᠡᠭᠦᠦ ᠬᠤᠶᠠᠷ ᠮᠠᠩᠭᠤᠰ ᠠᠷᠤ ᠨᠤᠲᠤᠭ ᠢ ᠮᠢᠨᠢ ᠡᠵᠡᠯᠡᠵᠦ᠂  ᠠᠳᠤᠭᠤ ᠮᠠᠯ ᠢ ᠨᠢ ᠳᠡᠭᠡᠷᠡᠮᠳᠥᠵᠦ ᠠᠷᠠᠳ ᠢᠷᠭᠡᠳ ᠢ ᠨᠢ ᠵᠣᠪᠠᠭᠠᠵᠦ᠂ ᠠᠶᠤᠯ ᠬᠠᠷ᠎ᠠ ᠮᠠᠨᠠᠨ ᠳᠡᠭᠳᠡᠭᠡᠵᠦ ᠠᠮᠢᠳᠤᠷᠠᠬᠤ ᠶᠢᠨ ᠠᠷᠭ᠎ᠠ ᠦᠭᠡᠢ ᠭᠠᠰᠢᠭᠤᠨ ᠵᠣᠪᠠᠯᠠᠩ ᠤᠨ ᠳᠠᠯᠠᠢ ᠳᠤ ᠵᠢᠪᠪᠦᠭᠦᠯᠵᠦ ᠭᠡᠨ᠎ᠡ᠃ ᠡᠭᠦᠨ ᠢ ᠮᠡᠳᠡᠭᠰᠡᠨ ᠬᠤᠷᠮᠤᠰᠲᠠ ᠲᠡᠭᠷᠢ ᠶᠢᠨ ᠬᠠᠭᠠᠨ ᠬᠤᠪᠢᠯᠭᠠᠨ ᠨᠢᠳᠦ ᠪᠠᠷ ᠢᠶᠠᠨ ᠳᠣᠣᠷᠠᠳᠦ ᠶᠢᠷᠲᠢᠨᠴᠦ ᠶᠢ ᠲᠣᠯᠢᠳᠠᠨ ᠬᠠᠷᠠᠮᠠᠭᠴᠠ ᠠᠭᠤᠷᠯᠠᠬᠤ ᠶᠢᠨ ᠶᠡᠭᠡ ᠪᠠᠷ ᠠᠭᠤᠷᠯᠠᠨ ᠥᠪᠡᠷ ᠤᠨ ᠢᠲᠡᠭᠡᠯᠲᠠᠢ ᠵᠠᠩᠵᠤᠨ ᠠᠷᠪᠠᠨ ᠵᠦᠭ ᠤᠨ ᠢᠯᠠᠭᠳᠠᠰᠢ ᠦᠭᠡᠢ ᠭᠡᠰᠡᠷ ᠪᠣᠭᠳᠠ ᠪᠠᠨ ᠳᠣᠣᠷᠠᠳᠤ ᠶᠢᠷᠲᠢᠨᠴᠦ ᠳᠤ ᠲᠣᠮᠢᠯᠠᠵᠦ ᠠᠶᠤᠯ ᠤᠨ ᠬᠠᠷ᠎ᠠ ᠮᠠᠩᠭᠤᠰ ᠢ ᠳᠠᠷᠤᠭᠤᠯᠬᠤ ᠪᠠᠷ ᠶᠠᠪᠤᠭᠤᠯᠵᠦ ᠭᠡᠨ᠎ᠡ᠃ ᠭᠡᠰᠡᠷ ᠪᠠᠭᠠᠳᠤᠷ ᠳᠣᠣᠷᠠᠳᠤ ᠶᠢᠷᠲᠢᠨᠴᠦ ᠳᠤ ᠢᠷᠡᠮᠡᠭᠴᠡ ᠠᠬ᠎ᠠ ᠳᠡᠭᠦᠦ ᠬᠤᠶᠠᠷ ᠮᠠᠩᠭᠤᠰ ᠲᠠᠢ᠂ ᠲᠡᠭᠷᠢ ᠳᠤ ᠭᠠᠷᠴᠦ ᠣᠲᠣ ᠲᠣᠭᠠᠯᠠᠨ ᠪᠠᠶᠢᠯᠳᠤᠵᠦ᠂ ᠭᠠᠵᠠᠷ ᠲᠤ ᠣᠷᠣᠨ ᠦᠨᠳᠦᠰᠦ ᠲᠣᠭᠠᠯᠠᠨ ᠪᠠᠶᠢᠯᠳᠤᠵᠦ ᠬᠠᠮᠤᠭ ᠡᠴᠦᠰ ᠲᠤ ᠭᠡᠰᠡᠷ ᠪᠠᠭᠠᠲᠤᠷ ᠡᠷᠳᠡᠨᠢ ᠶᠢᠨ ᠰᠡᠯᠡᠮ᠎ᠡ ᠳᠠᠯᠠᠶᠢᠵᠦ ᠬᠤᠶᠠᠷ ᠮᠠᠩᠭᠤᠰ ᠤᠨ ᠲᠣᠯᠤᠭᠠᠢ ᠶᠢ ᠲᠠᠰᠤ ᠴᠠᠪᠴᠢᠵᠦ ᠬᠠᠶᠠᠭᠠᠳ᠂ ᠬᠡᠭᠦᠷ ᠶᠠᠰᠤ ᠨᠢ ᠳᠠᠬᠢᠵᠤ ᠪᠣᠰᠤᠭᠠᠳ ᠱᠣᠯᠤᠮ ᠪᠣᠯᠤᠨ ᠬᠤᠪᠢᠷᠠᠵᠦ ᠠᠷᠠᠳ ᠢᠷᠭᠡᠳ ᠢ ᠵᠣᠪᠠᠭᠠᠬᠤ ᠠᠴᠠ ᠪᠣᠯᠭᠠᠮᠵᠢᠯᠠᠵᠦ᠂ ᠬᠤᠶᠠᠷ ᠲᠣᠮᠤ ᠠᠭᠤᠯᠠ ᠠᠪᠴᠢᠷᠠᠨ ᠳᠠᠷᠤᠵᠤ ᠣᠷᠬᠢᠵᠦ ᠭᠡᠨ᠎ᠡ  ᠃    ᠡᠭᠦᠨ ᠠᠴᠠ ᠬᠤᠶᠢᠰᠢ ᠠᠷᠠᠳ ᠲᠦᠮᠡᠨ ᠠᠷᠪᠠᠨ ᠵᠦᠭ ᠤᠨ ᠭᠡᠰᠡᠷ ᠪᠣᠭᠳᠠ ᠶᠢᠨ ᠠᠪᠴᠢᠷᠠᠵᠦ ᠲᠠᠯᠪᠢᠭᠰᠠᠨ ᠠᠵᠠ ᠪᠥᠲᠦᠮᠵᠢ ᠶᠢᠨ ᠠᠭᠤᠯᠠ ᠶᠤᠮ ᠡ ᠭᠡᠳ ᠰᠥᠰᠦᠭᠯᠡᠨ ᠰᠢᠲᠦᠵᠦ ᠪᠥᠲᠦᠮᠵᠢ ᠬᠠᠶᠢᠷᠬᠠᠨ ᠬᠡᠮᠡᠨ ᠥᠶ᠎ᠡ ᠣᠯᠠᠷᠢᠨ ᠰᠢᠲᠦᠨ ᠳᠠᠬᠢᠵᠦ ᠭᠡᠨ᠎ᠡ  ᠃ ᠡᠭᠦᠨ ᠤ ᠳᠣᠬᠠᠢ ᠪᠠᠰᠠ ᠨᠢᠭᠡ ᠵᠦᠢᠯ ᠤᠨ ᠳᠣᠮᠤᠭ ᠶᠠᠷᠢᠶ᠎ᠠ ᠪᠠᠶᠢᠳᠠᠭ ᠢ ᠬᠠᠳᠠᠨᠴᠢᠯᠠᠭᠤ ᠭᠤᠸᠠᠢ ᠡᠮᠬᠢᠳᠬᠡᠵᠦ ︽ᠪᠠᠷᠠᠭᠤᠨ ᠰᠥᠨᠢᠳ ᠤᠨ ᠰᠣᠶᠤᠯ ᠲᠡᠦᠬᠡ︾᠎ ᠶᠢᠨ9 ᠳ᠋ᠦ᠋ᠭᠡᠷ ᠡᠮᠬᠢᠳᠭᠡᠯ ᠳᠤ ᠨᠡᠶᠢᠲᠡᠯᠡᠭᠦᠯᠵᠦ ᠥᠩᠭᠡᠷᠡᠪᠡ᠃    ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13᠎ ᠠᠴᠠ ᠰᠡᠶᠢᠷᠡᠭᠦᠯᠪᠡ᠃  
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号