ᠨᠣᠭᠤᠭᠠᠨ ᠬᠠᠶᠢᠷᠬᠠᠨ ᠤ ᠳᠣᠮᠤᠭ
ᠨᠡᠶᠢᠲᠡᠯᠡᠭᠰᠡᠨ ᠴᠠᠭ᠄
2019/9/18
   ᠡᠵᠡᠨ ᠴᠢᠩᠭᠢᠰ ᠬᠠᠭᠠᠨ ᠨᠢᠭᠡ ᠤᠳᠠᠭ᠎ᠠ ᠠᠯᠪᠠᠲᠦ ᠨᠣᠶᠠᠳ ᠠᠮᠠᠷᠠᠭ ᠬᠠᠲᠤᠨ ᠢᠶᠠᠨ ᠳᠠᠭᠠᠭᠤᠯᠵᠦ ᠠᠶᠠᠨ ᠳᠤ ᠶᠠᠪᠤᠵᠦ ᠪᠠᠶᠢᠲᠠᠯ᠎ᠠ ᠤᠰᠤ ᠡᠪᠡᠰᠦ ᠡᠯᠪᠡᠭ ᠠᠭᠤᠵᠢᠮ ᠰᠠᠶᠢᠬᠠᠨ ᠥᠭᠭᠢᠶᠡᠮᠦᠷ ᠨᠣᠭᠤᠭᠠᠨ ᠲᠠᠯ᠎ᠠ ᠳᠣᠬᠢᠶᠠᠯᠳᠤᠭᠰᠠᠨ ᠳᠤ ᠬᠠᠭᠠᠨ ᠴᠢᠩᠭᠢᠰ ᠮᠢᠨᠢ ᠪᠠᠶᠠᠷᠯᠠᠭᠠᠳ᠂ ᠬᠠᠷᠢᠶᠠᠲᠦ ᠣᠯᠠᠨ ᠲᠠᠢ ᠪᠠᠨ ᠡᠨᠡ ᠭᠠᠵᠠᠷ ᠬᠤᠨᠤᠭᠯᠠᠬᠤ ᠪᠠᠷ ᠪᠣᠯᠵᠤ ᠭᠡᠨ᠎ᠡ  ᠃ ᠡᠵᠡᠨ ᠴᠢᠩᠭᠢᠰ ᠬᠠᠭᠠᠨ ᠮᠢᠨᠢ ᠡᠩᠬᠡ ᠰᠠᠶᠢᠬᠠᠨ ᠨᠣᠶᠢᠷᠰᠤᠭᠠᠳ ᠡᠷᠭᠢᠬᠦ ᠮᠠᠷᠭᠠᠰᠢ ᠨᠢ᠂ ᠤᠷᠭᠤᠵᠦ ᠮᠠᠨᠳᠤᠬᠤ ᠤᠯᠠᠭᠠᠨ ᠨᠠᠷᠠ ᠪᠠᠷ ᠪᠣᠰᠴᠣ ᠤᠷᠭ᠎ᠠ ᠪᠠᠨ ᠠᠪᠬᠤ ᠭᠡᠰᠡᠨ ᠴᠢᠨᠢ ᠥᠳᠬᠡᠨ ᠡᠪᠡᠰᠦ ᠨᠣᠭᠤᠭᠠᠷᠠᠨ᠂ ᠠᠷᠪᠠᠨ ᠠᠯᠲᠠ ᠬᠤᠰᠤᠨ ᠤᠷᠭ᠎ᠠ ᠨᠢ ᠡᠷᠢᠭᠡᠳ ᠣᠯᠳᠠᠬᠤ ᠦᠭᠡᠢ ᠠᠯᠠᠭ᠎ᠠ ᠪᠣᠯᠵᠠᠢ  ᠃ ᠥᠯᠵᠡᠶᠢᠲᠦ ᠬᠤᠷ᠎ᠠ ᠰᠥᠨᠢᠵᠢᠨ ᠱᠠᠭᠢᠭᠠᠳ᠂ ᠦᠶᠡᠲᠦ ᠤᠷᠭᠤᠮᠠᠯ ᠰᠦᠯᠵᠢᠯᠳᠦᠨ᠂ ᠥᠨᠳᠦᠷ ᠴᠡᠭᠡᠯᠬᠡᠨ ᠤᠷᠭ᠎ᠠ ᠨᠢ ᠥᠷᠭᠡᠨ ᠲᠡᠨᠢᠭᠡᠷ ᠨᠢᠷᠤᠭᠤ ᠪᠣᠯᠤᠭᠠᠳ ᠬᠤᠪᠢᠷᠠᠭᠰᠠᠨ ᠪᠠᠶᠢᠵᠠᠢ᠃ ᠡᠵᠡᠨ ᠴᠢᠩᠭᠢᠰ ᠬᠠᠭᠠᠨ ᠮᠢᠨᠢ᠂ ᠥᠨᠳᠦᠷ ᠨᠢᠷᠤᠭᠤᠨ ᠳᠡᠭᠡᠷ᠎ᠡ ᠠᠴᠠ ᠠᠯᠤᠰ ᠢ ᠪᠠᠷᠠᠯᠠᠬᠤ ᠳᠤ᠂ ᠳᠦᠷᠪᠡᠨ ᠵᠦᠭ ᠨᠠᠢᠮᠠᠨ ᠵᠤᠪᠬᠢᠰ ᠤᠨ ᠭᠠᠵᠠᠷ ᠲᠣᠪ ᠲᠣᠳᠤᠬᠠᠨ ᠬᠠᠷᠠᠭᠳᠠᠵᠤ᠂ ᠬᠠᠭᠠᠨ ᠴᠢᠩᠭᠢᠰ ᠤᠨ ᠬᠤᠶᠠᠷ ᠵᠢᠭᠠᠯ ᠴᠤ  ᠬᠠᠰᠢᠶᠠᠲᠤ ᠶᠢᠨ ᠪᠤᠯᠠᠭ ᠢ ᠤᠮᠳᠠᠯᠠᠵᠦ᠂ ᠵᠡᠭᠦᠨᠰᠢ ᠪᠠᠶᠠᠨ ᠰᠦᠷᠦᠭ ᠥᠰᠲᠡᠭ ᠪᠡᠯᠭᠡ ᠳᠡᠮᠪᠡᠷᠢᠯ ᠲᠠᠢ ᠪᠠᠶᠠᠨ ᠬᠤᠰᠢᠭᠤ ᠬᠠᠶᠢᠷᠬᠠᠨ ᠤᠷᠤᠭᠤ ᠪᠡᠯᠴᠢᠵᠦ ᠪᠠᠶᠢᠨ᠎ᠠ ᠭᠡᠨ᠎ᠡ᠂ ᠪᠣᠭᠳᠠ ᠴᠢᠩᠭᠢᠰ ᠮᠢᠨᠢ ᠪᠠᠶᠠᠷᠯᠠᠬᠤ ᠳᠠᠭᠠᠨ ᠡᠨᠡ ᠭᠠᠵᠠᠷ ᠢ ︽ᠨᠣᠭᠤᠭᠠᠨ ᠬᠠᠶᠢᠷᠬᠠᠨ︾ ᠭᠡᠵᠦ ᠳᠠᠭᠤᠳᠠᠭᠰᠠᠨ ᠭᠡᠨ᠎ᠡ᠃                                                                                      ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13᠎ ᠠᠴᠠ ᠰᠡᠶᠢᠷᠡᠭᠦᠯᠪᠡ᠃
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号