ᠰᠠᠶᠢᠬᠠᠠᠠᠥ᠋ᠯᠵᠠᠢ ᠬᠠᠶᠢᠷᠬᠠᠨ ᠤ ᠳᠤᠮᠤᠭ
ᠨᠡᠶᠢᠲᠡᠯᠡᠭᠰᠡᠨ ᠴᠠᠭ᠄
2019/9/18
   ᠡᠷᠲᠡ ᠤᠷᠢᠳᠤ ᠶᠢᠨ ᠴᠠᠭ ᠲᠤ ᠰᠠᠶᠢᠬᠠᠠᠠᠥ᠋ᠯᠵᠠᠢ ᠬᠠᠶᠢᠷᠬᠠᠨ ᠨᠢ ᠡᠪᠡᠰᠦ ᠮᠤᠳᠤ ᠨᠤᠭᠤᠭᠠᠷᠠᠵᠤ᠂ ᠤᠢ ᠰᠢᠭᠤᠢ ᠵᠢᠭᠳᠡᠷᠡᠵᠦ᠂ ᠠᠷᠢᠶᠠᠲᠠᠨ ᠵᠢᠭᠦᠷᠲᠡᠨ ᠳᠤᠩᠭᠤᠳᠳᠠᠭᠰᠠᠨ ᠲᠡᠭᠷᠢ ᠶᠢᠨ ᠪᠤᠶᠠᠨ ᠢ ᠳᠡᠭᠰᠢ ᠰᠠᠶᠢᠬᠠᠨ ᠬᠦᠷᠲᠡᠭᠰᠡᠨ ᠠᠷᠰᠢ ᠎ ᠶᠢᠨ  ᠤᠷᠤᠨ ᠰᠢᠭ ᠰᠠᠶᠢᠬᠠᠨ ᠨᠤᠳᠤᠭ ᠪᠠᠶᠢᠵᠤ ᠭᠡᠨ᠎ᠡ᠂ ᠰᠠᠶᠢᠬᠠᠨ ᠬᠠᠶᠢᠷᠬᠠᠨ  ᠎ ᠤ ᠡᠩᠭᠡᠷ ᠲᠤ ᠲᠦᠮᠡᠨ ᠮᠠᠯ ᠲᠠᠢ ᠨᠢᠭᠡᠨ ᠪᠠᠶᠠᠨ ᠡᠪᠦᠬᠡᠨ ᠡᠮᠡᠭᠡᠨ ᠬᠤᠶᠠᠷ  ᠵᠢᠯ ᠤᠨ ᠳᠦᠷᠪᠡᠨ ᠤᠯᠠᠷᠢᠯ ᠳᠤ ᠰᠠᠶᠢᠬᠠᠨ ᠬᠠᠶᠢᠷᠬᠠᠨ ᠤ ᠠᠷᠤ ᠦᠪᠦᠷ ᠎ ᠢᠶᠠᠷ ᠲᠠᠪᠤᠨ ᠬᠤᠰᠢᠭᠤ ᠮᠠᠯ ᠢᠶᠠᠨ ᠮᠠᠯᠵᠢᠨ ᠨᠤᠲᠤᠭᠯᠠᠵᠤ ᠮᠠᠯ ᠨᠢ ᠦᠨᠢᠷ ᠦᠰᠬᠦ ᠪᠦᠷᠢ ᠰᠠᠭᠠᠯᠢ ᠰᠢᠮ᠎ᠡ ᠶᠢᠨ ᠳᠡᠭᠡᠵᠢ ᠪᠠᠷ ᠢᠶᠠᠨ ᠰᠠᠶᠢᠬᠠᠨ ᠬᠠᠶᠢᠷᠬᠠᠨ ᠢᠶᠠᠨ ᠳᠠᠬᠢᠵᠤ ᠰᠢᠲᠦᠵᠦ ᠢᠷᠡᠭᠰᠡᠭᠡᠷ ᠪᠠᠶᠢᠵᠠᠢ᠃ ᠡᠪᠦᠭᠡᠨ ᠬᠦᠭᠰᠢᠨ ᠬᠤᠶᠠᠷ ᠲᠤ ᠰᠠᠶᠢᠬᠠᠨ ᠭᠡᠰᠡᠨ ᠨᠡᠷ᠎ᠡ ᠲᠠᠢ ᠦᠷ᠎ᠡ ᠶᠢᠨ ᠭᠠᠭᠴᠠ ᠬᠡᠦᠬᠡᠨ ᠪᠠᠶᠢᠵᠠᠢ᠃ ᠡᠨᠡ ᠬᠡᠦᠬᠡᠨ ᠨᠢ ᠡᠷᠢᠯ ᠰᠤᠷᠠᠭ ᠢᠶᠠᠷ ᠢᠷᠡᠭᠰᠡᠨ ᠠᠯᠤᠰ ᠨᠤᠳᠤᠭ ᠤᠨ ᠠᠳᠤᠭᠤᠴᠢᠨ ᠬᠠᠷ᠎ᠠ ᠬᠦᠦ ᠦᠯᠵᠡᠢ ᠭᠡᠳᠡᠭ ᠵᠠᠯᠠᠭᠤ ᠲᠠᠢ ᠢᠨᠠᠭᠯᠠᠨ ᠳᠠᠰᠤᠯᠴᠠᠵᠤ᠂ ᠬᠤᠵᠢᠮ ᠨᠢ ᠡᠨᠡ ᠵᠠᠯᠠᠭᠤ ᠲᠠᠢ ᠪᠠᠨ ᠬᠤᠷᠢᠮᠯᠠᠨ ᠰᠠᠭᠤᠵᠤ ᠬᠠᠷᠢ ᠳᠤ ᠮᠤᠷᠳᠠᠨ᠂ ᠦᠮᠦᠭ ᠳᠦᠰᠢᠭ ᠦᠭᠡᠢ ᠦᠲᠡᠯᠥᠭᠡ ᠪᠤᠭᠤᠷᠦᠯ ᠬᠤᠶᠠᠷ ᠨᠠᠰᠤᠲᠠᠨ ᠤ ᠦᠷᠡᠴᠢᠯᠡᠵᠦ ᠦᠰᠭᠡᠭᠰᠡᠨ ᠠᠴᠢ ᠶᠢ ᠨᠢ ᠪᠤᠳᠤᠬᠤ ᠳᠠᠭᠠᠨ ᠰᠠᠶᠢᠬᠠᠨ ᠬᠡᠦᠬᠡᠨ ᠦᠯᠵᠡᠢ ᠵᠠᠯᠠᠭᠤ ᠲᠠᠢ ᠪᠠᠨ ᠬᠠᠮᠲᠤ ᠳᠠᠭᠠᠨ ᠢᠷᠡᠵᠦ᠂ ᠪᠤᠭᠤᠷᠤᠯ ᠨᠠᠰᠤᠲᠠᠨ ᠢᠶᠠᠨ ᠠᠰᠠᠷᠠᠵᠤ ᠪᠤᠶᠠᠨ ᠤ ᠭᠠᠵᠠᠷ ᠲᠤᠨᠢ ᠮᠤᠷᠳᠠᠭᠤᠯᠵᠠᠢ᠃ ᠬᠤᠵᠢᠮ ᠤᠨ ᠬᠦᠮᠦᠰ ᠡᠨᠡᠬᠦ ᠠᠵᠢᠯᠴᠢ ᠬᠦᠳᠡᠯᠮᠦᠷᠢ᠂ ᠠᠷᠢᠭᠤᠨ ᠨᠠᠨᠳᠢᠨ ᠰᠤᠷᠲᠠᠯ ᠲᠠᠢ ᠬᠤᠶᠠᠷ ᠵᠠᠯᠠᠭᠤ ᠶᠢ ᠳᠤᠷᠠᠰᠬᠠᠬᠤ ᠳᠠᠭᠠᠨ ᠲᠡᠳᠡᠨ ᠤ ᠲᠡᠬᠢᠵᠤ ᠰᠢᠲᠦᠳᠡᠭ ᠡᠨᠡᠬᠦ ᠬᠠᠶᠢᠷᠬᠠᠨ ᠎ ᠶᠢ ᠰᠠᠶᠢᠬᠠᠠᠠᠥ᠋ᠯᠵᠠᠢ ᠬᠡᠮᠡᠨ ᠨᠡᠷᠡᠶᠢᠳᠴᠤ ᠭᠡᠨ᠎ᠡ᠃     ᠰᠠᠶᠢᠬᠠᠨ ᠬᠠᠶᠢᠷᠬᠠᠨ  ᠎ ᠤ ᠰᠠᠬᠢᠭᠤᠯᠰᠤᠨ ᠨᠢ ᠶᠡᠷᠦ ᠠᠴᠠ ᠤᠯᠠᠢ ᠦᠵᠡᠬᠦ ᠳᠤᠷ᠎ᠠ ᠦᠭᠡᠢ ᠭᠡᠨ᠎ᠡ᠃ ᠰᠠᠶᠢᠬᠠᠨ ᠬᠠᠶᠢᠷᠬᠠᠨ ᠤ ᠳᠡᠷᠭᠡᠳᠡ ᠠᠮᠢᠲᠠᠨ ᠰᠢᠪᠠᠭᠤ ᠠᠯᠠᠭᠰᠠᠨ ᠬᠦᠮᠦᠨ ᠬᠡᠵᠢᠶᠡᠳᠡ ᠰᠠᠶᠢᠨ ᠢᠶᠠᠨ ᠦᠵᠡᠳᠡᠭ ᠦᠭᠡᠢ ᠭᠡᠨ᠎ᠡ᠃ ᠨᠡᠩ ᠢᠯᠠᠩᠭᠤᠶ᠎ᠠ ᠰᠠᠶᠢᠬᠠᠨ ᠬᠠᠶᠢᠷᠬᠠᠨ ᠤ ᠠᠰᠬ᠎ᠠ ᠢᠷᠮᠡᠭ ᠤᠷᠤᠭᠤ ᠵᠡᠭᠡᠷ᠎ᠡ ᠭᠦᠷᠦᠭᠡᠰᠦ ᠶᠢ ᠦᠢ ᠤᠯᠠᠨ ᠢᠶᠠᠷ ᠰᠢᠬᠠᠵᠤ ᠤᠨᠠᠭᠠᠵᠤ ᠠᠯᠠᠭᠰᠠᠨ ᠬᠦᠮᠦᠨ ᠳᠤᠤᠷ᠎ᠠ ᠪᠠᠨ ᠴᠢᠰᠤ ᠪᠠᠷ ᠪᠦᠭᠡᠯᠵᠢᠵᠦ ᠦᠬᠦᠳᠡᠭ ᠭᠡᠨ᠎ᠡ᠃ ᠰᠠᠶᠢᠬᠠᠨ ᠬᠡᠦᠬᠡᠨ ᠦᠯᠵᠠᠢ ᠵᠠᠯᠠᠭᠤ ᠠᠴᠠ ᠬᠤᠶᠢᠰᠢ ᠰᠠᠶᠢᠬᠠᠨ ᠬᠠᠶᠢᠷᠬᠠᠨ ᠳᠤ ᠬᠡᠳᠦᠨ ᠵᠡᠷᠯᠢᠭ ᠭᠠᠭ᠋ᠠᠢ  ᠪᠠᠶᠢᠭᠰᠠᠨ ᠭᠡᠨ᠎ᠡ᠃ ᠲᠡᠭᠦᠨ ᠢ ᠨᠢ ᠨᠢᠭᠡ ᠠᠩᠴᠢᠨ ᠠᠯᠠᠴᠢᠬᠠᠭᠰᠠᠨ ᠳᠤ ᠭᠡᠷ ᠬᠦᠷᠦᠩᠭᠡ ᠳᠤᠨᠢ ᠭᠠᠯ ᠭᠠᠷᠴᠤ ᠲᠡᠷᠡ ᠠᠶᠢᠯ ᠶᠠᠳᠠᠭᠤᠷᠠᠵᠤ ᠦᠭᠡᠶᠢᠷᠡᠭᠰᠡᠨ ᠭᠡᠨ᠎ᠡ᠃ ᠤᠤᠯ ᠨᠢ ᠡᠨᠡ ᠬᠡᠳᠦᠨ ᠵᠡᠷᠯᠢᠭ ᠭᠠᠭ᠋ᠠᠢ ᠨᠢ ᠤᠰᠤᠨ ᠰᠠᠬᠢᠭᠤᠯᠰᠤᠨ ᠭᠡᠨ᠎ᠡ᠃ ᠡᠨᠡ ᠬᠡᠳᠦᠨ ᠭᠠᠭ᠋ᠠᠢ ᠶᠢ ᠠᠯᠠᠭᠰᠠᠨ ᠠᠴᠠ ᠵᠢᠯ ᠵᠢᠯ  ᠭᠠᠩᠳᠠᠵᠤ᠂ ᠡᠪᠡᠰᠦ ᠮᠤᠳᠤ ᠨᠢ ᠬᠤᠪᠬᠠᠶᠢᠷᠠᠵᠤ ᠠᠩ ᠭᠦᠷᠦᠭᠡᠰᠦ ᠎ ᠨᠢ ᠦᠭᠡᠢ ᠪᠤᠯᠤᠭᠰᠠᠨ ᠭᠡᠨ᠎ᠡ᠃ ᠰᠠᠶᠢᠬᠠᠨ ᠬᠠᠶᠢᠷᠬᠠᠨ ᠢ ᠳᠠᠬᠢᠬᠤ ᠳᠤ ᠡᠷᠬᠡᠪᠰᠢ ᠴᠠᠭᠠᠨ ᠢᠳᠡᠭᠡ ᠪᠠᠷ ᠳᠠᠬᠢᠳᠠᠭ ᠭᠡᠨ᠎ᠡ᠂ ᠨᠢᠭᠡ ᠤᠳᠠᠭ᠎ᠠ ᠲᠤᠭᠤᠭᠠᠲᠤ ᠰᠦᠮ᠎ᠡ ᠠᠴᠠ ᠭᠠᠨᠵᠤᠤᠷ ᠡᠷᠭᠢᠨ ᠰᠠᠶᠢᠬᠠᠨ ᠬᠠᠶᠢᠷᠬᠠᠨ  ᠲᠡᠶᠢᠰᠢ  ᠨᠠᠢᠮᠠᠨ ᠲᠡᠮᠡᠭᠡᠨ ᠳᠤ ᠭᠠᠨᠵᠤᠤᠷ ᠢᠶᠠᠨ ᠠᠴᠢᠭᠠᠳ ᠠᠴᠢᠶ᠎ᠠ ᠪᠠᠨ ᠤᠯᠠᠭᠠᠨ ᠪᠦᠰᠡ ᠪᠠᠷ ᠪᠦᠲᠦᠭᠡᠵᠦ ᠬᠦᠰᠭᠡ ᠲᠠᠳᠠᠭᠠᠳ ᠶᠠᠪᠤᠵᠤ ᠪᠠᠶᠢᠭᠰᠠᠨ ᠳᠤ ᠬᠡᠷᠢᠶ᠎ᠡ ᠠᠭᠠᠷ ᠳᠡᠭᠡᠷ᠎ᠡ ᠠᠴᠠ ᠬᠠᠯᠲᠠ ᠮᠦᠯᠲᠡ ᠦᠵᠡᠭᠡᠳ ᠰᠠᠶᠢᠬᠠᠨ ᠬᠠᠶᠢᠷᠬᠠᠨ ᠤ ᠰᠠᠬᠢᠭᠤᠯᠰᠤᠨ ᠳᠤ ︽ᠨᠠᠢᠮᠠᠨ ᠲᠡᠮᠡᠭᠡᠨ ᠠᠴᠢᠶ᠎ᠡ ᠲᠠᠢ ᠮᠢᠬ᠎ᠠ ᠢᠷᠡᠯ᠎ᠡ  ︾ ᠬᠡᠮᠡᠨ ᠵᠠᠭᠠᠯᠳᠤᠵᠤ ᠭᠡᠨ᠎ᠡ᠂ ᠰᠠᠶᠢᠬᠠᠨ ᠬᠠᠶᠢᠷᠬᠠᠨ ᠤ ᠰᠠᠬᠢᠭᠤᠰᠤ ᠨᠢ ᠬᠡᠷᠢᠶᠡᠨ ᠤ ᠦᠭᠡ ᠶᠢ ᠰᠤᠨᠤᠰᠤᠮᠠᠭᠴᠠ ᠬᠢᠯᠢᠭᠨᠡᠵᠦ ᠤᠯᠠᠭᠠᠨ ᠰᠢᠭᠤᠷᠭ᠎ᠠ ᠲᠠᠯᠪᠢᠭᠰᠠᠨ ᠎ ᠠᠴᠠ ᠭᠠᠨᠵᠤᠤᠷ ᠵᠠᠯᠠᠬᠤ ᠬᠦᠮᠦᠰ ᠰᠠᠶᠢᠬᠠᠨ ᠬᠠᠶᠢᠷᠬᠠᠨ ᠳᠤ ᠤᠴᠢᠵᠤ ᠴᠢᠳᠠᠭᠰᠠᠨ ᠦᠭᠡᠢ ᠪᠠᠷ ᠦᠯᠦ ᠪᠠᠷᠠᠨ ᠪᠠᠷᠤᠭ ᠰᠦᠢᠳᠬᠦ ᠰᠢᠬᠠᠯ᠎ᠠ ᠭᠡᠳᠡᠭ᠃ ᠲᠡᠶᠢᠮᠤ ᠠᠴᠠ ᠰᠠᠶᠢᠬᠠᠨ ᠬᠠᠶᠢᠷᠬᠠᠨ ᠢ ᠳᠠᠬᠢᠬᠤ ᠳᠠᠭᠠᠨ ᠤᠯᠠᠭᠠᠨ ᠢᠳᠡᠭᠡ ᠦᠵᠡᠭᠦᠯᠳᠡᠭ ᠦᠭᠡᠢ᠂ ᠴᠠᠭᠠᠨ ᠢᠶᠠᠷ ᠲᠠᠬᠢᠭᠰᠠᠭᠠᠷ ᠢᠷᠠᠵᠠᠢ᠃ ᠰᠠᠶᠢᠬᠠᠨ ᠬᠠᠶᠢᠷᠬᠠᠨ ᠤ ᠤᠶᠢᠷ᠎ᠡ ᠬᠠᠪᠢ ᠶᠢᠨ ᠮᠠᠯᠴᠢᠳ ᠤᠤᠯ ᠨᠢ ᠱᠦᠯᠦ ᠭᠠᠷᠭᠠᠵᠤ᠂ ᠢᠳᠡᠰᠢ ᠬᠢᠬᠦ ᠳᠡᠭᠡᠨ ᠦᠷᠭᠦᠯᠵᠢ ᠴᠠᠭᠠᠨ ᠢᠳᠡᠭᠡ ᠪᠠᠨ ᠮᠢᠬᠠᠨ ᠳᠡᠭᠡᠷ᠎ᠡ ᠎ ᠪᠠᠨ ᠲᠠᠯᠪᠢᠬᠤ ᠪᠤᠶᠤ ᠴᠠᠭᠠᠨ ᠪᠦᠰᠡ ᠪᠠᠷ ᠪᠦᠲᠦᠭᠡᠳᠡᠭ ᠭᠡᠨ᠎ᠡ᠃    ᠵᠣ᠂ ᠰᠡᠴᠡᠨᠪᠠᠭᠠᠲᠤᠷ   ︽ᠳᠣᠮᠣᠭᠲᠤ ᠨᠤᠲᠤᠭ ᠤᠨ ᠴᠤᠤᠲᠤ ᠬᠦᠮᠦᠰ︾  ᠰᠥᠨᠢᠳ ᠪᠠᠷᠠᠭᠤᠨ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ 13᠎ ᠠᠴᠠ ᠰᠡᠶᠢᠷᠡᠭᠦᠯᠪᠡ᠃
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号