ᠴᠠᠬᠢᠯᠭᠠᠨ ᠬᠦᠴᠦᠨ ᠤ ᠠᠵᠢᠯᠳᠠᠨ ᠭᠡᠷᠡᠯ᠎ᠡ ᠶᠢᠨ ᠬᠦᠳᠡᠯᠮᠦᠷᠢ ᠶᠢᠨ ᠵᠢᠱᠢᠶᠡᠴᠢ ᠪᠤᠯᠤᠭᠰᠠᠨ ᠤᠯᠠ ᠮᠦᠷ
ᠨᠡᠶᠢᠲᠡᠯᠡᠭᠰᠡᠨ ᠴᠠᠭ᠄
2018/5/25
ᠰᠢᠨ᠎ᠡ ᠴᠠᠭ ᠦᠶ᠎ᠡ ᠶᠢᠨ ᠦᠳᠳᠡᠷ ᠲᠦᠷᠭᠡᠨ ᠬᠦᠭᠵᠢᠯᠳᠡ ᠶᠢ ᠳᠠᠭᠠᠯᠳᠤᠨ᠂ ᠵᠦᠢᠯ ᠪᠦᠷᠢ ᠶᠢᠨ ᠴᠠᠬᠢᠯᠭᠠᠨ ᠭᠡᠷᠡᠭᠰᠡᠯ ᠢ ᠭᠡᠷᠡᠭᠯᠡᠵᠦ ᠪᠠᠶᠢᠬᠤ ᠳᠤ ᠪᠠᠨ ᠲᠠ ᠴᠠᠬᠢᠯᠭᠠᠨ ᠬᠦᠴᠦᠨ ᠤ ᠠᠵᠢᠯᠳᠠᠳ ᠤᠨ ᠬᠦᠴᠦᠨ ᠵᠢᠳᠬᠦᠯ ᠢ ᠪᠤᠳᠤᠵᠤ ᠦᠩᠭᠡᠷᠭᠰᠡᠨ ᠤᠤ︖ ᠦᠨᠦᠳᠦᠷ ᠪᠢᠳᠡ ᠴᠠᠬᠢᠯᠭᠠᠨ ᠤ ᠦᠢᠯᠡᠰ ᠤᠨ ᠠᠵᠢᠯᠳᠠᠨ ᠭᠡᠷᠡᠯ᠎ᠡ ᠶᠢᠨ ᠳᠤᠬᠠᠢ ᠤᠶᠢᠯᠠᠭᠠᠴᠠᠭᠠᠶ᠎ᠠ︕1983 ᠤᠨ ᠳᠤ ᠠᠵᠢᠯ ᠳᠤ ᠭᠠᠷᠤᠭᠰᠠᠨ ᠠᠴᠠ ᠨᠠᠰᠢ᠂ ᠭᠤᠴᠢ ᠭᠠᠷᠤᠢ ᠵᠢᠯ ᠤᠨ ᠳᠤᠷᠰᠢ ᠭᠡᠷᠡᠯ᠎ᠡ ᠠᠵᠢᠯ ᠤᠨ ᠪᠠᠶᠢᠷᠢ ᠪᠠᠨ ᠪᠠᠳᠤ ᠰᠠᠬᠢᠵᠤ᠂ ᠦᠪᠡᠷ ᠤᠨ ᠵᠠᠯᠠᠭᠤ  ᠼᠠᠨᠳᠠᠨ ᠨᠠᠰᠤ ᠪᠠᠨ ᠠᠵᠢᠯ ᠦᠢᠯᠡᠰ ᠲᠤ ᠪᠠᠨ ᠬᠠᠷᠠᠮ ᠦᠬᠡᠢ ᠵᠤᠷᠢᠭᠤᠯᠤᠭᠰᠠᠭᠠᠷ ᠢᠷᠡᠭᠰᠡᠨ ᠶᠤᠮ᠃ ︽ᠲᠡᠷᠡ ᠬᠡᠵᠢᠶᠡᠳᠡ ᠢᠨᠢᠶᠡᠵᠦ ᠯᠡ ᠪᠠᠶᠢᠳᠠᠭ︾ ︽ ᠬᠦᠮᠦᠰ ᠲᠤ ᠯᠠᠪᠳᠠᠭᠤᠨ ᠲᠦᠪᠯᠡᠬᠦᠨ ᠬᠠᠨᠳᠤᠳᠠᠭ᠂ ᠭᠡᠷᠡᠭ ᠶᠠᠪᠤᠳᠠᠯ ᠳᠤ ᠮᠠᠰᠢ ᠨᠠᠷᠢᠨ ᠬᠢᠨᠠᠮᠠᠭᠠᠢ ᠪᠠᠶᠢᠳᠠᠭ︾ ᠭᠡᠵᠦ ᠬᠠᠮᠳᠤ  ᠠᠵᠢᠯᠯᠠᠬᠴᠢ ᠨᠢ ᠡᠷᠡᠬᠡᠢ ᠭᠠᠷᠭᠠᠨ ᠳᠡᠭᠦᠨ ᠢ ᠦᠨᠡᠯᠡᠵᠦ ᠪᠠᠶᠢᠯ᠎ᠠ᠃  ᠴᠠᠬᠢᠯᠭᠠᠨ ᠬᠦᠴᠦᠨ ᠤ ᠠᠵᠢᠯᠳᠠᠨ ᠪᠤᠯᠤᠭᠰᠠᠨ ᠎ ᠤ ᠬᠤᠪᠢ ᠳᠤ ᠲᠡᠷᠡ᠂ ᠦᠪᠡᠷ ᠤᠨ ᠠᠵᠢᠯ ᠤᠨ ᠬᠡᠪ ᠰᠤᠷᠳᠠᠯ ᠨᠢ ᠪᠠᠶᠢᠭᠤᠯᠭ᠎ᠠ ᠶᠢᠨ ᠲᠦᠷᠢ ᠲᠦᠷᠬᠦ ᠲᠠᠢ ᠨᠢᠭᠳᠠ ᠬᠤᠯᠪᠤᠭ᠎ᠠ ᠲᠠᠢ ᠭᠡᠵᠦ ᠦᠷᠬᠦᠯᠵᠢ ᠬᠢᠴᠢᠶᠡᠨ ᠵᠢᠳᠬᠦᠵᠦ᠂ ᠶᠡᠷᠦ ᠠᠴᠠ ᠠᠵᠢᠯ ᠳᠤ ᠪᠠᠨ ᠨᠠᠵᠠᠭᠠᠶᠢᠷᠠᠵᠤ ᠦᠩᠭᠡᠷᠡᠭᠡ ᠦᠭᠡᠢ ᠪᠢᠯᠡ᠃ ᠳᠠᠪᠢ ᠶᠢᠨ ᠳᠠᠪᠠᠭ᠎ᠠ ᠶᠢ ᠳᠠᠪᠠᠭᠰᠠᠨ ᠪᠤᠯᠪᠠᠴᠤ ᠴᠠᠬᠢᠯᠭᠠᠨ ᠪᠠᠭᠠᠨ᠎ᠠ ᠠᠪᠢᠷᠠᠵᠦ ᠰᠡᠯᠪᠢᠨ ᠵᠠᠰᠠᠬᠤ ᠠᠵᠢᠯ ᠢ ᠮᠦᠨ ᠯᠡ ᠤᠰᠤᠯᠳᠠᠯ ᠦᠬᠡᠢ ᠬᠢᠨ᠂ ᠤᠳᠤᠷᠢᠳᠤᠯᠭ᠎ᠠ ᠪᠤᠯᠤᠨ ᠬᠠᠮᠳᠤ ᠠᠵᠢᠯᠳᠠᠳ ᠤᠨ ᠢᠶᠠᠨ ᠢᠳᠡᠬᠡᠯ ᠪᠢᠰᠢᠷᠡᠯ ᠢ ᠤᠯᠤᠭᠰᠠᠭᠠᠷ ᠢᠷᠡᠭᠰᠡᠨ ᠮᠦᠷᠳᠡᠭᠡᠨ᠂ ᠤᠯᠠᠨ ᠤᠳᠠᠭ᠎ᠠ ᠲᠤᠪᠴᠢᠶᠠᠨ ᠤ ᠪᠠᠨ ᠲᠡᠷᠢᠬᠦᠨ ᠤ ᠠᠵᠢᠯᠳᠠᠨ ᠎ ᠢᠶᠠᠷ ᠰᠤᠩᠭᠤᠭᠳᠠᠨ᠂ ᠲᠡᠭᠦᠨ ᠤ ᠲᠡᠷᠢᠬᠦᠨ ᠤ ᠦᠢᠯᠡ ᠠᠵᠢᠯᠯᠠᠭ᠎ᠠ  ᠎ ᠨᠢ ᠦᠷᠭᠡᠨ ᠢᠶᠠᠷ ᠤᠯᠠᠮᠵᠢᠯᠠᠭᠳᠠᠵᠦ᠂ ᠤᠷᠢᠳ ᠬᠤᠵᠢᠳ ᠬᠤᠰᠢᠭᠤ᠂ ᠠᠶᠢᠮᠠᠭ᠂ ᠤᠷᠤᠨ ᠤ ᠳᠡᠰ ᠤᠨ ᠬᠦᠳᠡᠯᠮᠦᠷᠢ ᠶᠢᠨ ᠵᠢᠱᠢᠶᠡᠴᠢ᠂ ᠳᠡᠷᠭᠡᠳᠡᠬᠢ ᠰᠠᠶᠢᠨ ᠬᠦᠮᠦᠨ ᠵᠡᠷᠭᠡ ᠢᠷᠠᠭᠤ ᠠᠯᠳᠠᠷ ᠢ ᠬᠦᠷᠳᠡᠭᠰᠡᠭᠡᠷ ᠢᠷᠡᠵᠡᠢ᠃ ᠭᠡᠷᠡᠯ᠎ᠡ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠬᠦᠳᠡᠯᠮᠦᠷᠢ ᠶᠢᠨ ᠵᠢᠱᠢᠶᠡᠴᠢ ᠶᠢᠨ ᠴᠤᠯᠠ ᠶᠢ ᠬᠦᠷᠳᠡᠭᠰᠡᠨ ᠨᠢ ᠨᠠᠳᠠᠳᠤ ᠠᠪᠴᠦ ᠬᠡᠯᠡᠪᠡᠯ ᠢᠷᠠᠭᠤ ᠠᠯᠳᠠᠷ ᠮᠦᠷᠳᠡᠭᠡᠨ ᠬᠦᠳᠡᠯᠭᠡᠭᠦ ᠬᠦᠴᠦ ᠪᠤᠯᠤᠨ᠎ᠠ᠃ ᠴᠠᠬᠢᠯᠭᠠᠨ ᠬᠦᠴᠦᠨ ᠤ ᠠᠵᠢᠯ  ᠎ ᠨᠢ ᠠᠮᠠᠷᠠᠯᠳᠠ ᠶᠢᠨ ᠬᠤᠭᠤᠴᠠᠭ᠎ᠠ᠂ ᠭᠠᠷᠠᠭ ᠤᠨ ᠴᠢᠯᠦᠬᠡ ᠬᠡᠵᠦ ᠦᠬᠡᠢ ᠮᠦᠷᠳᠡᠭᠡᠨ ᠰᠠᠯᠬᠢ ᠰᠢᠭᠤᠷᠭᠠᠨ ᠎ ᠲᠠᠢ ᠡᠳᠦᠷ ᠪᠤᠯ ᠪᠦᠷ ᠴᠦ ᠶᠠᠭᠠᠷᠠᠤ ᠪᠤᠯᠳᠠᠭ᠃  ᠭᠡᠪᠡᠴᠦ ᠪᠠᠶᠠᠷ ᠳᠤᠷᠠᠰᠬᠠᠯ ᠤᠨ ᠡᠳᠦᠷ ᠤᠳ ᠲᠤ ᠡᠷᠦᠬᠡ ᠪᠤᠯᠭᠠᠨ ᠤ ᠴᠤᠩᠬᠤ ᠪᠠᠷ ᠭᠡᠷᠡᠯ ᠭᠡᠭᠡ ᠳᠤᠸᠠᠯᠠᠬᠤ ᠶᠢ ᠬᠠᠷᠠᠪᠠᠯ᠂   ᠨᠠᠳᠠ ᠳᠤ ᠮᠠᠰᠢ ᠵᠢᠷᠭᠠᠯᠳᠠ ᠰᠠᠨᠠᠭᠳᠠᠳᠠᠭ᠃︾ ᠬᠡᠵᠦ ᠶᠠᠷᠢᠯ᠎ᠠ᠃ ᠳᠡᠷᠭᠡᠳᠡᠬᠢ ᠬᠦᠮᠦᠰ ᠢᠶᠠᠨ ᠳᠠᠶᠢᠴᠢᠯᠠᠨ ᠳᠠᠰᠤᠷᠠᠯᠳᠠ ᠦᠬᠡᠢ ᠰᠤᠷᠤᠯᠴᠠᠨ ᠰᠢᠨ᠎ᠡ ᠶᠢ ᠡᠭᠦᠳᠴᠦ᠂ ᠠᠵᠢᠯ ᠦᠢᠯᠡᠰ ᠎ ᠲᠤ ᠪᠠᠨ ᠵᠢᠳᠬᠦᠬᠦ ᠨᠢ ᠭᠡᠷᠡᠯ᠎ᠡ ᠶᠢᠨ ᠬᠦᠰᠡᠯ ᠬᠦᠭᠡᠴᠡᠯᠳᠦᠯ ᠪᠠᠶᠢᠵᠤ᠂ ᠰᠤᠯᠠ ᠰᠡᠯᠡᠬᠦᠦ  ᠴᠠᠭ ᠢᠶᠠᠷ ᠢᠶᠠᠨ ᠰᠤᠳᠤᠯᠭᠠᠨ ᠬᠢᠵᠦ᠂ ᠳᠡᠭᠦᠨ ᠤ ᠰᠤᠳᠤᠯᠵᠤ ᠪᠦᠲᠦᠭᠡᠭᠰᠡᠨ ︽ᠴᠠᠬᠢᠯᠭᠠᠨ ᠵᠤᠭᠰᠤᠬᠤ ᠶᠢ ᠰᠡᠷᠭᠡᠶᠢᠯᠡᠨ ᠮᠡᠳᠡᠭᠳᠡᠵᠦ ᠬᠦᠴᠦᠳᠡᠯ ᠦᠭᠡᠷᠡᠴᠢᠯᠡᠨ ᠴᠠᠬᠢᠯᠭᠠᠨ ᠬᠦᠷᠭᠡᠬᠦ ᠲᠦᠭᠦᠬᠡᠷᠦᠮᠵᠢ︾  ᠪᠠ  ︽ᠬᠠᠯᠳᠤᠷᠢᠵᠤ ᠤᠨᠠᠬᠤ ᠶᠢ ᠰᠡᠷᠭᠡᠶᠢᠯᠡᠬᠦ ᠬᠢᠰᠬᠢᠭᠦᠷ︾ ᠵᠡᠷᠭᠡ ᠨᠢ ᠦᠪᠡᠷᠳᠡᠭᠡᠨ ᠵᠠᠰᠠᠬᠤ ᠤᠷᠤᠨ ᠪᠠ ᠤᠯᠤᠰ ᠤᠨ ᠳᠡᠰ ᠤᠨ ᠬᠤᠯᠪᠤᠭᠳᠠᠯ ᠪᠦᠬᠦᠢ ᠬᠦᠬᠢᠬᠦᠯᠦᠯ ᠢ ᠬᠦᠷᠳᠡᠭᠰᠡᠨ ᠪᠠᠶᠢᠨ᠎ᠠ᠃ ᠬᠡᠷᠡᠯ᠎ᠡ ᠶᠢᠨ ᠬᠠᠮᠳᠤ ᠠᠵᠢᠯᠯᠠᠭᠴᠢ ᠮᠧᠢ ᠯᠢ ᠪᠢᠳᠡᠨ ᠳᠤ᠄ ︽ᠲᠡᠷᠡ ᠠᠵᠢᠯ ᠳᠤ ᠪᠠᠨ ᠮᠠᠰᠢ ᠨᠢᠮᠪᠠᠢ ᠬᠠᠷᠢᠭᠤᠴᠠᠯᠭ᠎ᠠ ᠲᠠᠢ᠂ ᠠᠵᠢᠯ ᠠᠴᠠ ᠭᠠᠳᠠᠭᠤᠷᠬᠢ ᠴᠠᠭ ᠲᠤ ᠪᠠᠨ ᠰᠤᠳᠤᠯᠭᠠᠨ ᠬᠢᠵᠦ᠂ ᠡᠬᠦᠨ ᠤ ᠪᠠᠨ ᠳᠤᠬᠠᠢ ᠪᠠᠰᠠ ᠪᠢᠳᠡᠨ ᠳᠤ ᠶᠠᠷᠢᠳᠠᠭ᠃  ᠲᠡᠷᠡ ᠪᠠᠰᠠ ᠦᠷᠭᠦᠯᠵᠢ ᠰᠢᠨ᠎ᠡ ᠠᠵᠢᠯᠳᠠᠳ ᠢᠶᠠᠨ ᠬᠠᠪᠰᠤᠷᠴᠤ ᠬᠠᠷᠠᠭᠠᠯᠵᠠᠳᠠᠭ︾ ᠬᠡᠵᠦ ᠶᠠᠷᠢᠯ᠎ᠠ᠃ ᠭᠡᠷᠡᠯ᠎ᠡ ᠢᠩᠭᠢᠵᠦ ᠠᠵᠢᠯ ᠦᠢᠯᠡᠰ ᠤᠨ ᠢᠶᠠᠨ ᠲᠦᠯᠦᠬᠡ ᠭᠤᠶᠠᠴᠢ ᠦᠭᠡᠢ ᠵᠢᠳᠬᠦᠨ᠂ ᠬᠠᠮᠳᠤ ᠠᠵᠢᠯᠳᠠᠳ ᠤᠨ ᠎ ᠢᠶᠠᠨ ᠬᠡᠪ ᠳᠠᠭᠤᠷᠢᠶᠠᠯ ᠪᠤᠯᠵᠤ ᠪᠠᠶᠢᠨ᠎ᠠ᠃ ᠶᠠᠭ ᠯᠡ ᠳᠡᠭᠦᠨ ᠰᠢᠭ ᠡᠶᠢᠮᠦᠷᠭᠦᠦ ᠠᠵᠢᠯ ᠢᠶᠠᠨ ᠬᠡᠰᠡᠨ ᠬᠠᠷᠢᠭᠤᠴᠠᠯᠭᠠᠳᠤ ᠰᠡᠳᠬᠢᠯᠬᠡ ᠲᠠᠢ ᠦᠨᠳᠦᠰᠦᠨ ᠱᠠᠳᠤᠨ ᠤ ᠴᠠᠬᠢᠯᠭᠠᠨ ᠬᠦᠴᠦᠨ ᠤ ᠠᠵᠢᠯᠳᠠᠳ ᠪᠠᠶᠢᠳᠠᠭ ᠠᠴᠠ᠂ ᠲᠦᠭ ᠲᠦᠮᠡᠨ ᠠᠶᠢᠯ ᠡᠷᠦᠬᠡ ᠳᠤ ᠳ᠋ᠧᠩ  ᠨᠤᠴᠤᠵᠦ᠂ ᠰᠦᠨᠢ ᠤᠷᠤᠢ ᠶᠢᠨ ᠵᠠᠮ ᠳᠤ ᠬᠡᠷᠡᠯ ᠬᠡᠬᠡ ᠲᠤᠰᠴᠦ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号