ᠤᠪᠤᠭᠠᠨ ᠰᠢᠳᠤᠯᠭᠡ ᠪᠤᠯ ᠡᠭᠡ ᠲᠡᠯᠡᠬᠡᠢ ᠶᠢᠨ ᠰᠢᠳᠤᠯᠭᠡ ᠳᠠᠬᠢ ᠠᠭᠤᠯᠠ ᠬᠠᠳᠠᠨ ᠤ ᠰᠢᠳᠤᠯᠬᠡ ᠠᠴᠠ | ᠰᠤᠷᠪᠤᠯᠵᠢᠳᠠᠢ᠃ ᠪᠡᠯᠡᠷ ᠡᠷᠳᠡᠨ ᠤ ᠬᠦᠮᠦᠰ ᠲᠦᠮᠡᠨ ᠪᠤᠳᠠᠰ ᠢ ᠪᠦᠷ ᠡᠵᠡᠳ ᠰᠠᠬᠢᠭᠤᠰᠤ ᠲᠠᠢ ᠬᠡᠮᠡᠨ ᠤᠬᠠᠮᠰᠠᠷᠡᠵᠦ | ᠪᠠᠶᠢᠭᠰᠠᠨ ᠪᠤᠯᠬᠤᠷ ᠠᠭᠤᠯᠠ ᠬᠠᠳᠠᠨ ᠳᠤ ᠴᠦ ᠪᠡᠰᠠ ᠡᠵᠡᠳ ᠰᠠᠬᠢᠭᠤᠰᠤ ᠲᠠᠢ ᠭᠡᠵᠦ ᠦᠵᠡᠵᠦ ᠪᠠᠶᠢᠵᠠᠢ᠃ ᠲᠠᠶᠢᠮᠤ | ᠠᠴᠠ ᠦᠨᠳᠤᠷ ᠰᠦᠷᠯᠢᠭ ᠠᠭᠤᠯᠠ ᠬᠠᠶᠢᠷᠬᠠᠨ᠂ ᠪᠠᠷᠳᠠᠭᠠᠳᠤ ᠤᠷᠬᠢᠯ ᠬᠦᠨ ᠵᠢᠯᠠᠭ᠎ᠠ᠂ ᠡᠷᠪᠡᠭᠡᠷ ᠰᠡᠷᠪᠡᠭᠡᠷ ᠠᠰᠬ᠎ᠠ | ᠬᠠᠳᠠ᠂ ᠬᠦᠯ ᠦᠬᠡᠢ ᠤᠰᠤ᠂ ᠭᠤᠤᠯ ᠮᠦᠷᠡᠨ᠂ ᠬᠠᠷᠠᠩᠭᠤᠢ ᠤᠢ᠂ ᠠᠪᠤᠷᠭᠤ ᠮᠤᠳᠤ ᠨᠤᠭᠤᠳ ᠲᠤ ᠪᠦᠷ | ᠰᠦᠨᠡᠰᠤ ᠰᠠᠬᠢᠭᠤᠰᠤ ᠲᠠᠢ ᠭᠡᠵᠦ ᠠᠶᠤᠨ ᠡᠮᠢᠶᠠᠵᠦ ᠰᠦᠰᠦᠭᠯᠡᠨ ᠰᠢᠳᠤᠳᠡᠭ᠃ ᠮᠤᠩᠭᠤᠯ ᠨᠤᠳᠤᠭ ᠲᠤ ᠤᠪᠤᠭ᠎ᠠ | ᠲᠡᠬᠢᠬᠤ ᠴᠠᠭ ᠢ ᠵᠤᠨ᠂ ᠨᠡᠮᠤᠷ ᠤᠨ ᠲᠡᠯᠬᠡᠷ ᠰᠠᠶᠢᠬᠠᠨ ᠤᠯᠠᠷᠢᠯ ᠳᠤ ᠲᠤᠬᠢᠷᠠᠭᠤᠯᠤᠭᠰᠠᠨ ᠪᠠᠶᠢᠳᠠᠭ ᠰᠠᠨ᠃ ᠪᠦᠬᠦ | ᠮᠤᠩᠭᠤᠯ ᠤᠨ ᠭᠡᠪᠴᠢᠶᠠᠨ ᠳᠤ ᠪᠢᠯᠢᠭ ᠤᠨ ᠤᠯᠠᠷᠢᠯ ᠤᠨ ᠲᠦᠷᠪᠡᠨ ᠰᠠᠷ᠎ᠠ᠂ ᠲᠠᠪᠤᠨ ᠰᠠᠷ᠎ᠠ᠂ ᠵᠢᠷᠭᠤᠭᠠᠨ ᠰᠠᠷ᠎ᠠ᠂ | ᠲᠤᠯᠤᠭᠠᠨ ᠰᠠᠷ᠎ᠠ᠂ ᠨᠡᠢᠮᠡᠨ ᠰᠠᠷ᠎ᠠ ᠶᠢᠨ ᠲᠤᠳᠤᠷ᠎ᠡ ᠤᠪᠤᠭ᠎ᠠ ᠲᠡᠬᠢᠵᠦ᠂ ᠨᠡᠶᠢᠷ ᠬᠢᠳᠡᠭ ᠪᠤᠯᠪᠠᠴᠦ ᠤᠪᠤᠭ᠎ᠠ ᠲᠡᠬᠢᠵᠦ | ᠨᠡᠶᠢᠷ ᠬᠢᠬᠦ ᠭᠤᠤᠯ ᠴᠠᠭ ᠨᠢ ᠲᠠᠪᠤᠨ ᠰᠠᠷ᠎ᠠ ᠠᠴᠠ ᠲᠤᠯᠤᠭᠠᠨ ᠰᠠᠷ᠎ᠠ ᠶᠢᠨ ᠬᠤᠭᠤᠷᠤᠨᠳᠤ ᠶᠤᠮ᠃ ᠡᠨᠡ ᠨᠢ ᠮᠠᠯ | ᠲᠠᠷᠭᠤᠯᠠᠵᠦ᠂ ᠴᠠᠭᠠᠨ ᠢᠳᠡᠭᠡ ᠲᠡᠯᠬᠡᠷᠡᠭᠰᠡᠨ᠂ ᠦᠶᠦᠭ ᠴᠢᠯᠦᠬᠡᠳᠡᠢ ᠴᠠᠭ ᠢ ᠠᠰᠢᠭᠯᠠᠭᠰᠠᠨ ᠢᠶᠠᠷ ᠪᠠᠷᠠᠬᠤ ᠦᠬᠡᠢ | ᠤᠪᠤᠭ᠎ᠠ ᠲᠡᠬᠢᠯᠭ᠎ᠠ ᠳᠤ ᠮᠤᠷᠢ ᠤᠶᠠᠬᠤ ᠲᠤᠬᠢᠷᠠᠮᠵᠳᠠᠢ ᠴᠠᠭ ᠢ ᠴᠦ ᠬᠠᠷᠠᠭᠠᠯᠵᠠᠭᠰᠠᠨ ᠳᠤ ᠪᠠᠶᠢᠭ᠎ᠠ ᠶᠤᠮ᠃ | ᠤᠪᠤᠭ᠎ᠠ ᠲᠠᠬᠢᠬᠤ ᠡᠳᠤᠷ ᠤᠨ ᠬᠤᠪᠢ ᠳᠤ ᠠᠪᠴᠦ ᠭᠡᠯᠡᠪᠡᠯ ᠭᠠᠵᠡᠷ ᠭᠠᠵᠡᠷ ᠠᠳᠠᠯᠢ ᠦᠬᠡᠢ᠃ ᠬᠤᠰᠢᠭᠤ ᠪᠠᠶᠠᠨ | ᠤᠪᠤᠭ᠎ᠠ ᠶᠢ ᠪᠢᠯᠢᠭ ᠤᠨ ᠤᠯᠠᠷᠢᠯ ᠤᠨ 5 ᠳ᠋ᠤᠭᠠᠷ ᠰᠠᠷ᠎ᠠ ᠶᠢᠨ 13 ᠤ ᠡᠳᠤᠷ ᠲᠠᠬᠢᠳᠠᠭ᠃ ᠤᠪᠤᠭ᠎ᠠ ᠲᠠᠬᠢᠬᠤ | ᠠᠵᠢᠯᠯᠠᠭ᠎ᠠ ᠨᠢ ᠤᠤᠯ ᠳᠠᠭᠠᠨ ᠴᠤᠯ ᠱᠠᠰᠢᠨ ᠰᠢᠳᠤᠯᠬᠡ ᠶᠢᠨ ᠴᠢᠨᠡᠷᠳᠡᠢ ᠪᠠᠶᠢᠭᠰᠠᠨ ᠪᠤᠯ ᠬᠤᠵᠢᠮ ᠨᠢ ᠨᠡᠶᠢᠷ | ᠨᠠᠭᠠᠳᠤᠮ ᠤᠨ ᠠᠭᠤᠯᠭ᠎ᠠ ᠨᠡᠮᠡᠭᠳᠡᠭᠰᠡᠨ ᠠᠴᠠ ᠤᠪᠤᠭᠠᠨ ᠲᠡᠬᠢᠯᠭ᠎ᠠ ᠨᠢ ᠦᠢ ᠤᠯᠠᠨ ᠤ ᠬᠤᠷᠠᠨ ᠴᠤᠭᠯᠠᠵᠦ᠂ ᠡᠷ᠎ᠡ | ᠶᠢᠨ ᠴᠢᠳᠠᠯ᠂ ᠮᠤᠷᠢᠨ ᠤ ᠬᠤᠷᠳᠤᠨ᠂ ᠬᠠᠷᠪᠤᠭᠠᠴᠢ ᠶᠢᠨ ᠮᠡᠷᠭᠡᠨ ᠢ ᠰᠤᠨᠢᠷᠬᠠᠨ ᠪᠠᠭ᠋ᠠᠳᠤᠵᠦ᠂ ᠪᠠᠶᠠᠰᠤᠨ | ᠬᠦᠭᠡᠷᠤᠯᠳᠤᠬᠦ ᠰᠠᠶᠢᠬᠠᠨ ᠲᠤᠬᠢᠶᠠᠯ ᠪᠤᠯᠤᠭᠰᠠᠨ ᠪᠠᠶᠢᠨ᠎ᠡ᠃ |