ᠪᠠᠶᠠᠨᠳᠠᠯ᠎ᠠ ᠭᠠᠴᠠᠭᠠᠨ ᠤ ᠠᠩᠬᠠᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠨᠢᠵᠢᠭᠡᠷ ᠰᠠᠶᠢᠬᠠᠨ ᠪᠤᠯᠤᠯ᠎ᠠ
ᠨᠡᠶᠢᠲᠡᠯᠡᠭᠰᠡᠨ ᠴᠠᠭ᠄
2024/9/10
     ᠵᠢᠷᠦᠬᠡ ᠪᠠᠯᠭᠠᠰᠤᠨ ᠤ ᠪᠠᠶᠠᠨᠳᠠᠯ᠎ᠠ ᠭᠠᠴᠠᠭᠠᠨ ᠤ ᠠᠩᠬᠠᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠠᠯᠳᠠᠨ ᠨᠠᠮᠤᠷ ᠤᠨ ᠰᠦᠨᠢᠳ ᠤᠨ ᠳᠠᠯ᠎ᠠ ᠳᠤ ᠦᠩᠭᠡ ᠨᠡᠮᠡᠵᠦ᠂ ᠬᠤᠯᠠ ᠤᠶᠢᠷ᠎ᠠ ᠶᠢᠨ ᠨᠠᠭᠠᠳᠤᠮᠴᠢᠨ᠂ ᠬᠤᠳᠠᠯᠠ ᠲᠦᠮᠡᠨ ᠢᠶᠠᠨ ᠪᠠᠶᠠᠰᠬᠠᠭᠰᠠᠨ ᠰᠠᠶᠢᠬᠠᠨ ᠨᠠᠭᠠᠳᠤᠮ ᠪᠤᠯᠤᠯ᠎ᠠ᠃      ᠨᠠᠮᠤᠷ ᠤᠨ ᠵᠦᠬᠡᠯᠡᠨ ᠪᠤᠷᠤᠭᠠᠨ ᠳᠤ ᠮᠤᠷᠢᠳ ᠤᠨ ᠨᠢᠷᠤᠭᠤ ᠠᠮᠠᠷᠠᠵᠤ᠂ ᠮᠠᠯᠴᠢᠳ ᠤᠨ ᠮᠠᠩᠨᠠᠢ ᠳᠡᠨᠡᠶᠢᠨ᠂ ᠨᠠᠶᠢᠷ ᠤᠨ ᠳᠠᠯᠠᠪᠠᠢ ᠳᠤ ᠡᠪᠡᠰᠦ ᠨᠤᠭᠤᠭᠠᠨ ᠤ ᠠᠩᠭᠢᠯᠤᠮ᠎ᠠ ᠦᠨᠦᠷ᠂ ᠴᠢᠬᠢᠭ ᠬᠤᠷ᠎ᠠ ᠶᠢᠨ ᠰᠤᠳᠤᠨ ᠦᠨᠦᠷ ᠰᠡᠩᠭᠢᠨᠡᠨ᠂ ᠦᠨᠳᠦᠰᠦᠳᠡᠨ ᠤ ᠡᠷᠬᠢᠮᠰᠦᠭ ᠬᠤᠪᠴᠠᠰᠤ ᠪᠠᠷ ᠭᠠᠩᠭᠠᠷᠠᠭᠰᠠᠨ ᠨᠠᠭᠠᠳᠤᠮᠴᠢᠨ ᠲᠦᠮᠡᠨ᠂ ᠦᠩᠭᠡ ᠢᠯᠭᠠᠷᠠᠨ ᠵᠢᠭᠳᠡᠷᠡᠭᠰᠡᠨ ᠨᠠᠶᠢᠷ ᠤᠨ ᠴᠠᠴᠠᠷ᠂ ᠮᠠᠰᠢᠨ ᠤᠨᠤᠭ᠎ᠠ ᠬᠦᠳᠡᠭᠡ ᠤᠷᠤᠨ ᠨᠤᠳᠤᠭ ᠤᠨ ᠬᠦᠭᠵᠢᠯ ᠪᠠᠳᠠᠷᠠᠯ ᠢ ᠬᠠᠷᠠᠭᠤᠯᠤᠨ᠎ᠠ᠃      ᠡᠬᠢᠯᠡᠯᠲᠡ ᠶᠢᠨ ᠶᠣᠰᠣᠯᠠᠯ ᠳᠤ᠂ ᠳᠤᠭᠴᠢᠳ ᠤᠨ ᠡᠩᠨᠡᠭᠡ᠂ ᠮᠠᠯᠴᠢᠳ ᠤᠨ ᠡᠩᠨᠡᠭᠡ᠂ ᠬᠥᠳᠡᠯᠮᠦᠷᠢ ᠶᠢᠨ ᠵᠢᠱᠢᠶᠡᠴᠢ᠂ ᠡᠮᠡᠭᠲᠡᠶᠢᠴᠦᠳ ᠤᠨ ᠵᠢᠱᠢᠶᠡᠴᠢ ᠶᠢᠨ ᠲᠦᠯᠦᠭᠡᠯᠡᠭᠴᠢᠳ ᠤᠨ ᠡᠩᠨᠡᠭᠡ᠂ ᠮᠤᠷᠢᠳᠠᠳ᠂ ᠪᠦᠭᠡᠴᠢᠳ᠂ ᠰᠤᠷᠴᠢᠳ ᠵᠠᠯᠭᠠᠭ᠎ᠠ ᠪᠠᠷ ᠳᠠᠯᠠᠪᠠᠢ ᠳᠤ ᠤᠷᠤᠵᠤ᠂ ᠤᠯᠠᠭᠠᠨᠮᠦ᠋ᠴᠢᠷ ᠤᠨ ᠤᠷᠠᠯᠢᠭᠴᠢᠳ ᠤᠨ ᠳᠠᠭᠤᠤ ᠬᠤᠭᠤᠷ ᠤᠨ ᠤᠶᠠᠩᠭ᠎ᠠ ᠡᠭᠡᠰᠢᠭᠯᠡᠨ᠂ ᠨᠠᠶᠢᠷ ᠨᠠᠭᠠᠳᠤᠮ ᠤᠨ ᠪᠠᠶᠠᠰᠬᠤᠯᠠᠩᠳᠤ ᠠᠭᠤᠷ ᠠᠮᠢᠰᠬᠤᠯ ᠪᠢᠯᠬᠠᠨ᠎ᠠ᠃ ᠨᠠᠶᠢᠷ ᠲᠤ ᠳᠠᠯᠠ ᠨᠠᠶᠠᠭᠠᠳ ᠣᠨ ᠳᠤ ᠪᠠᠶᠠᠨᠲᠠᠯ᠎ᠠ ᠭᠠᠴᠠᠭᠠᠨ ᠳᠤ ᠪᠠᠭᠤᠵᠤ ᠪᠠᠶᠢᠭᠰᠠᠨ ᠰᠡᠭᠡᠭᠡᠳᠡᠳ ᠪᠣᠯᠤᠨ ᠳᠤᠬᠠᠢ ᠶᠢᠨ ᠦᠶ᠎ᠡ ᠶᠢᠨ ᠰᠤᠷᠤᠭᠴᠢᠳ ᠤᠨ ᠲᠥᠯᠥᠭᠡᠯᠡᠭᠴᠢ ᠶᠢ ᠣᠨᠴᠠᠭᠠᠶᠢᠯᠠᠨ ᠤᠷᠢᠵᠤ᠂ ᠨᠠᠭᠠᠳᠤᠮ ᠳᠤ ᠪᠠᠰᠠ ᠰᠠᠶᠢᠴᠤᠤᠯ ᠢ ᠰᠠᠶᠢᠰᠢᠶᠠᠨ ᠬᠦᠬᠢᠬᠦᠯᠬᠦ ᠠᠵᠢᠯᠯᠠᠭ᠎ᠠ ᠶᠠᠪᠤᠭᠳᠠᠭᠤᠯᠵᠠᠢ᠃      ᠮᠤᠩᠭᠤᠯ ᠮᠤᠷᠢᠨ ᠤ 30 ᠭᠠᠵᠠᠷ ᠤᠨ ᠠᠯᠤᠰ ᠤᠨ ᠤᠷᠤᠯᠳᠤᠭᠠᠨ ᠳᠤ᠂ ᠦᠷᠭᠡᠨᠳᠡᠯ᠎ᠡ ᠪᠠᠯᠭᠠᠰᠤᠨ ᠤ ᠪᠠᠭᠠᠨ᠎ᠠ ᠶᠢᠨ ᠭᠡᠭᠡᠷ ᠮᠤᠷᠢ ᠳᠡᠷᠢᠬᠦᠯᠡᠨ᠂ ᠰᠠᠶᠢᠬᠠᠨᠳᠠᠯ᠎ᠠ ᠪᠠᠯᠭᠠᠰᠤᠨ ᠤ ᠳᠠᠪᠰᠢᠯᠳᠤ ᠶᠢᠨ ᠭᠡᠭᠡᠷ ᠠᠮᠠᠨ ᠬᠦᠵᠦᠬᠦᠨ  ᠳᠤ ᠢᠷᠡᠵᠦ᠂ ᠵᠢᠷᠦᠬᠡ ᠪᠠᠯᠭᠠᠰᠤᠨ ᠤ ᠬᠦᠬᠡᠮᠦ᠋ᠷᠡᠨ ᠤ ᠴᠢᠨᠤᠨ ᠰᠠᠷᠠᠯ᠂ ᠬᠥᠪᠡᠭᠡᠲᠦ ᠰᠢᠷ᠎ᠠ ᠬᠤᠰᠢᠭᠤᠨ ᠤ ᠰᠣᠶᠣᠯᠲᠤ ᠶᠢᠨ ᠭᠡᠭᠡᠷ᠂ ᠰᠠᠶᠢᠬᠠᠠᠠᠦ᠋ᠯᠵᠡᠢ ᠰᠤᠮᠤᠨ ᠤ ᠴᠢᠩᠭᠦᠨᠵᠠᠪ ᠤᠨ ᠭᠡᠭᠡᠷ ᠠᠶᠢᠷᠠᠭ ᠤᠨ ᠳᠠᠪᠤ ᠳᠤ ᠬᠤᠷᠳᠤᠯᠠᠵᠠᠢ᠃      128 ᠬᠦᠴᠦᠳᠦ ᠪᠦᠬᠡ ᠶᠢᠨ ᠪᠠᠷᠢᠯᠳᠤᠭᠠᠨ ᠳᠤ᠂ ᠰᠠᠩᠪᠤᠯᠠᠭ ᠰᠤᠮᠤᠨ ᠤ ᠦᠷᠨᠢᠯᠳᠦ ᠦᠵᠦᠬᠦᠷᠯᠡᠵᠦ᠂ ᠰᠠᠶᠢᠬᠠᠠᠠᠦ᠋ᠯᠵᠡᠢ ᠰᠤᠮᠤᠨ ᠤ ᠰᠠᠶᠢᠨᠵᠠᠨ᠎ᠠ ᠳᠡᠳ᠋ᠯᠡᠨ᠂ ᠰᠠᠶᠢᠬᠠᠠᠠᠦ᠋ᠯᠵᠡᠢ ᠶᠢᠨ ᠡᠷᠳᠡᠨᠢᠴᠤᠭᠲᠤ᠂ ᠰᠢᠯᠤᠭᠤᠨ ᠬᠥᠬᠡ  ᠶᠢᠨ ᠴᠡᠯᠡᠭᠡᠷ ᠳᠡᠭᠡᠳᠦ ᠲᠦᠷᠪᠡ ᠳᠤ ᠳᠡᠪᠢᠵᠡᠢ᠃ ᠰᠤᠷ ᠬᠠᠷᠪᠤᠬᠤ ᠤᠷᠤᠯᠳᠤᠭᠠᠨ ᠳᠤ ᠦᠷᠭᠡᠨᠳᠡᠯ᠎ᠡ ᠪᠠᠯᠭᠠᠰᠤᠨ ᠤ ᠪᠠᠶᠠᠨᠴᠢᠯᠠᠭᠤ ᠭᠠᠴᠠᠭᠠᠨ ᠤ ᠬᠠᠰᠪᠠᠭᠠᠲᠤᠷ ᠲᠡᠷᠢᠭᠦᠯᠡᠵᠦ᠂ ᠰᠢᠯᠤᠭᠤᠨ ᠬᠥᠪᠡᠭᠡᠲᠦ ᠴᠠᠭᠠᠨ ᠬᠤᠰᠢᠭᠤᠨ ᠤ ᠪᠤᠶᠠᠨᠮᠠᠨᠳᠤᠬᠤ ᠳᠡᠳ᠋ᠯᠡᠨ᠂ ᠬᠥᠪᠡᠭᠡᠲᠦ ᠰᠢᠷ᠎ᠠ ᠬᠤᠰᠢᠭᠤᠨ ᠤ ᠰᠡᠴᠡᠨᠪᠢᠯᠢᠭ ᠭᠤᠷᠪᠠᠳᠤᠭᠠᠷ᠂ ᠡᠷᠢᠶᠡᠨᠨᠠᠭᠤᠷ ᠰᠤᠮᠤᠨ ᠤ ᠮᠤᠷᠢᠳᠤ ᠭᠠᠴᠠᠭᠠᠨ ᠤ ᠡᠷᠳᠡᠨᠢᠰᠠᠩ ᠳᠥᠷᠪᠡᠳᠦᠭᠡᠷ ᠲᠤ ᠳᠤᠳᠤᠷᠠᠵᠠᠢ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号