ᠬᠤᠰᠢᠭᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠰᠢᠨ᠎ᠡ ᠴᠠᠭ ᠦᠶ᠎ᠡ ᠶᠢᠨ ᠪᠣᠯᠪᠠᠰᠤᠨ | ᠦᠢᠯᠡᠳᠦᠯᠬᠡ ᠶᠢᠨ ᠦᠢᠯᠡᠴᠢᠯᠡᠭᠡᠨ ᠤ ᠲᠥᠪ ᠤᠨ ᠡᠷᠬᠢᠯᠡᠭᠴᠢ ᠣᠷᠭᠢᠯ ᠡᠷᠡᠰ ᠪᠠᠳᠤ ᠢᠲᠡᠭᠡᠯ ᠪᠢᠰᠢᠷᠡᠯ ᠢᠶᠠᠷ ᠠᠷᠠᠳ | ᠲᠦᠮᠡᠨ ᠳᠤ ᠦᠢᠯᠡᠴᠢᠯᠡᠵᠦ᠂ ᠠᠵᠢᠯᠴᠢ ᠬᠢᠴᠢᠶᠡᠩᠭᠦᠢ ᠪᠠᠷ ᠵᠠᠰᠠᠭ ᠪᠠᠷᠢᠵᠤ ᠪᠣᠳᠠᠲᠠᠢ ᠶᠢ ᠡᠷᠬᠢᠮᠯᠡᠵᠦ᠂ | ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠨ᠂ ᠲᠥᠪ ᠭᠤᠣᠯᠴᠢ ᠠᠷᠢᠭᠤᠨ ᠴᠢᠬᠡᠴᠢ ᠪᠠᠶᠢᠬᠤ ᠰᠢᠨ᠎ᠡ ᠴᠠᠭ | ᠦᠶ᠎ᠡ ᠶᠢᠨ ᠰᠠᠶᠢᠨ ᠺᠠᠳ᠋ᠷ ᠤᠨ ᠪᠠᠷᠢᠮᠵᠢᠶ᠎ᠠ ᠪᠠᠷ ᠪᠡᠶ᠎ᠡ ᠪᠠᠨ ᠱᠠᠭᠠᠷᠳᠠᠨ᠂ ᠣᠷᠭᠢᠯᠤᠮ᠎ᠠ ᠬᠠᠯᠠᠭᠤᠨ ᠰᠡᠳᠬᠢᠯᠭᠡ ᠪᠣᠯᠤᠨ | ᠴᠥᠬᠦᠷᠡᠰᠢ ᠦᠭᠡᠶ ᠴᠢᠷᠮᠠᠶᠢᠯᠭ᠎ᠠ ᠪᠠᠷ ᠢᠶᠠᠨ ᠲᠤᠬᠠᠶ ᠶᠢᠨ ᠭᠠᠵᠠᠷ ᠤᠨ ᠪᠣᠯᠪᠠᠰᠤᠨ ᠦᠢᠯᠡᠳᠦᠯᠭᠡ ᠶᠢᠨ ᠢᠷᠠᠭᠤ | ᠬᠠᠭᠤᠳᠠᠰᠤ ᠶᠢ ᠪᠢᠴᠢᠭᠯᠡᠵᠦ ᠪᠠᠶᠢᠨ᠎ᠠ᠃ | ᠤᠷᠬᠢᠯ ᠪᠣᠯᠪᠠᠰᠤᠨ ᠤ ᠲᠤᠬᠠᠶ ᠴᠥᠬᠦᠷᠡᠰᠢ ᠦᠭᠡᠶ ᠬᠥᠭᠡᠭᠡᠴᠡᠯᠳᠦᠯ ᠪᠠ ᠨᠡᠶᠢᠭᠡᠮ ᠳᠤ ᠬᠠᠨᠳᠤᠬᠤ | ᠬᠠᠷᠢᠭᠤᠴᠠᠯᠭ᠎ᠠ ᠡᠭᠦᠷᠭᠡᠯᠡᠯ ᠢ ᠡᠪᠦᠷᠯᠡᠨ᠂ ᠪᠦᠬᠦ ᠰᠡᠳᠬᠢᠯ ᠪᠦᠬᠦ ᠵᠣᠷᠢᠭ ᠢᠶᠠᠷ ᠠᠵᠢᠯ ᠳᠤ ᠪᠠᠨ ᠴᠢᠷᠮᠠᠶᠢᠵᠤ᠂ | ᠲᠤᠰᠢᠶᠠᠯ ᠳᠤ ᠭᠠᠷᠤᠮᠠᠭᠴᠠ ᠲᠡᠷᠡ ᠦᠨᠳᠦᠰᠦᠨ ᠱᠠᠲᠤᠨ ᠳᠤ ᠭᠦᠨᠵᠡᠭᠡᠶᠢᠷᠡᠨ ᠪᠠᠶᠢᠳᠠᠯ ᠤᠶᠢᠯᠠᠭᠠᠨ᠂ ᠰᠠᠭᠤᠭᠠᠯᠢ | ᠠᠷᠠᠳ ᠤᠨ ᠤᠶᠤᠨ ᠤ ᠰᠤᠶᠤᠯ ᠤᠨ ᠠᠮᠢᠳᠤᠷᠠᠯ ᠤᠨ ᠳᠠᠯ᠎ᠠ ᠪᠠᠷ ᠬᠦᠰᠡᠯ ᠱᠠᠭᠠᠷᠳᠠᠯᠭ᠎ᠠ ᠶᠢ ᠰᠤᠨᠤᠰᠪᠠ᠃ | ᠰᠠᠶᠢᠬᠠᠨᠲᠠᠯ᠎ᠠ ᠪᠠᠯᠭᠠᠰᠤᠨ ᠤ ᠪᠤᠯᠠᠭ ᠨᠡᠶᠢᠭᠡᠮ ᠲᠣᠭᠤᠷᠢᠭ ᠲᠤ᠂ ᠣᠷᠭᠢᠯ ᠨᠡᠶᠢᠭᠡᠮ ᠲᠣᠭᠤᠷᠢᠭ ᠤᠨ | ᠠᠵᠢᠯᠲᠠᠨ ᠲᠠᠢ ᠨᠠᠷᠢᠨ ᠬᠢᠨᠠᠮᠠᠭᠠᠶ ᠰᠣᠯᠢᠯᠴᠠᠵᠤ᠂ ᠨᠡᠶᠢᠭᠡᠮ ᠲᠣᠭᠤᠷᠢᠭ ᠤᠨ ᠰᠢᠨ᠎ᠡ ᠴᠠᠭ ᠦᠶ᠎ᠡ ᠶᠢᠨ ᠪᠣᠯᠪᠠᠰᠤᠨ | ᠤᠶᠢᠯᠡᠳᠦᠯᠭᠡ ᠶᠢᠨ ᠰᠠᠯᠪᠤᠷᠢ ᠶᠢᠨ ᠣᠳᠣᠬᠠᠨ ᠤ ᠠᠵᠢᠯ ᠤᠨ ᠪᠠᠶᠢᠳᠠᠯ ᠢ ᠪᠥᠬᠦ ᠲᠠᠯ᠎ᠠ ᠪᠠᠷ ᠤᠶᠢᠯᠠᠭᠠᠨ᠎ᠠ᠃ | ᠣᠶᠢᠯᠠᠭᠠᠭᠰᠠᠨ ᠢᠶᠠᠷ᠂ ᠡᠨᠡ ᠵᠢᠯ ᠠᠴᠠ ᠨᠠᠭᠠᠰᠢ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ | ᠤᠬᠠᠭᠤᠯᠬᠤ ᠬᠡᠯᠲᠡᠰ᠂ ᠣᠶᠤᠨ ᠤ ᠪᠣᠯᠪᠠᠰᠤᠨ ᠤ ᠪᠠᠶᠢᠭᠤᠯᠤᠯᠲᠠ ᠶᠢᠨ ᠠᠯᠪᠠᠨ ᠬᠡᠷ ᠠᠩᠬᠠᠳᠠᠭᠴᠢ ᠪᠦᠯᠦᠭ ᠪᠥᠬᠦ | ᠣᠷᠣᠨ ᠤ ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠬᠡ ᠶᠢᠨ ᠵᠢᠱᠢᠶ᠎ᠡ ᠦᠵᠡᠭᠦᠯᠬᠦ ᠲᠥᠪ ︵ᠰᠠᠯᠪᠤᠷᠢ᠂ | ᠦᠷᠳᠡᠭᠡ︶ ᠢ ᠨᠡᠶᠢᠲᠡᠯᠡᠪᠡ᠃ ᠡᠭᠦᠨ ᠳᠤ᠂ ᠮᠠᠨ ᠤ ᠬᠤᠰᠢᠭᠤᠨ ᠤ 1 ᠲᠥᠪ᠂ 1 ᠰᠠᠯᠪᠤᠷᠢ᠂ 17 ᠥᠷᠲᠡᠭᠡ ᠨᠢ | ᠪᠥᠬᠦ ᠣᠷᠣᠨ ᠤ ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠬᠡ ᠶᠢᠨ ᠵᠢᠱᠢᠶ᠎ᠡ ᠦᠵᠡᠭᠦᠯᠬᠦ ᠨᠢᠭᠡᠴᠡ ᠪᠠᠷ | ᠦᠨᠡᠯᠡᠭᠳᠡᠵᠡᠢ᠃ | ᠠᠵᠢᠯ ᠳᠤ ᠤᠷᠤᠭᠰᠠᠨ ᠠᠷᠪᠠᠭᠠᠳ ᠵᠢᠯ ᠤᠨ ᠬᠤᠭᠤᠴᠠᠭᠠᠨ ᠳᠤ ᠣᠷᠭᠢᠯ ᠳᠠᠷᠤᠤ ᠬᠢᠴᠢᠶᠡᠩᠭᠦᠢ ᠪᠠᠷ | ᠰᠤᠷᠤᠯᠴᠠᠵᠤ᠂ ᠦᠢᠯᠡᠳᠦᠯᠭᠡ ᠶᠢᠨ ᠳᠤᠮᠳᠠ ᠲᠠᠰᠤᠷᠠᠯᠲᠠ ᠦᠭᠡᠢ ᠥᠪᠡᠷ ᠢ ᠪᠠᠨ ᠳᠡᠭᠡᠭᠰᠢᠯᠡᠭᠦᠯᠬᠦ ᠶᠢ ᠪᠠᠷᠢᠮᠳᠠᠯᠠᠨ᠂ | ᠤᠯᠠᠨ ᠲᠦᠮᠡᠨ ᠲᠠᠢ ᠰᠡᠳᠬᠢᠯ ᠵᠢᠷᠦᠬᠡ ᠪᠠᠨ ᠬᠤᠯᠪᠣᠵᠤ᠂ ᠢᠮᠠᠭᠲᠠ ᠪᠦᠬᠦ ᠰᠡᠳᠬᠢᠯ ᠪᠦᠬᠦ ᠵᠣᠷᠢᠭ ᠢᠶᠠᠷ ᠠᠷᠠᠳ | ᠲᠦᠮᠡᠨ ᠳᠤ ᠦᠢᠯᠡᠴᠢᠯᠡᠬᠦ ᠪᠠᠷ ᠵᠣᠷᠢᠯᠲᠠ ᠪᠣᠯᠭᠠᠵᠤ᠂ ᠨᠢᠭᠡᠨ ᠡᠪ ᠬᠠᠮᠲᠤ ᠨᠠᠮ ᠤᠨ ᠭᠡᠰᠢᠭᠦᠨ ᠤ ᠪᠠᠲᠤ ᠴᠢᠩᠭ᠎ᠠ | ᠤᠯᠤᠰ ᠲᠦᠷᠦ ᠶᠢᠨ ᠵᠣᠭᠰᠣᠯᠲᠠ ᠪᠠ ᠨᠢᠭᠡ ᠰᠡᠳᠬᠢᠯ ᠢᠶᠠᠷ ᠠᠷᠠᠳ ᠲᠦᠮᠡᠨ ᠳᠤ ᠦᠢᠯᠡᠴᠢᠯᠡᠬᠦ᠂ ᠳᠤᠷᠠᠳᠠᠶ᠎ᠠ ᠬᠤᠪᠢ | ᠨᠡᠮᠡᠷᠢ ᠦᠵᠡᠭᠦᠯᠬᠦ ᠡᠷᠬᠢᠮ ᠳᠡᠭᠡᠳᠦ ᠦᠵᠡᠯ ᠰᠤᠷᠳᠠᠯ ᠢ ᠳᠡᠭᠡᠳᠦᠯᠡᠭᠰᠡᠭᠡᠷ ᠢᠷᠡᠵᠡᠢ᠃ 2012 ᠣᠨ ᠳᠤ ᠠᠵᠢᠯ ᠳᠤ | ᠣᠷᠣᠭᠰᠠᠨ ᠠᠴᠠ ᠨᠠᠰᠢ᠂ ᠲᠡᠷᠡ ᠤᠷᠢᠳ ᠬᠤᠵᠢᠳ ᠬᠤᠰᠢᠭᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ | ᠰᠦᠯᠵᠢᠶᠡᠨ ᠤ ᠠᠮᠤᠷ ᠲᠦᠪᠰᠢᠨ ᠪᠠ ᠮᠡᠳᠡᠭᠡ ᠵᠠᠩᠭᠢᠵᠢᠯᠲᠠ ᠶᠢᠨ ᠠᠯᠪᠠᠨ ᠬᠡᠷ ᠵᠡᠷᠭᠡ ᠰᠠᠯᠠᠭ᠎ᠠ ᠮᠥᠴᠢᠷ ᠲᠤ | ᠠᠵᠢᠯᠯᠠᠵᠤ᠂ ᠪᠥᠬᠦ ᠬᠤᠰᠢᠭᠤᠨ ᠤ ᠴᠢᠬᠤᠯᠠ ᠶᠡᠭᠡ ᠠᠵᠢᠯᠯᠠᠭ᠎ᠠ᠂ ᠴᠢᠬᠤᠯᠠ ᠵᠠᠩᠭᠢᠯᠠᠭ᠎ᠠ ᠶᠢᠨ ᠬᠤᠭᠤᠴᠠᠭᠠᠨ ᠳᠤ᠂ | ᠲᠣᠰ ᠪᠡᠶ᠎ᠡ ᠶᠢᠨ ᠡᠭᠦᠷᠭᠡ ᠬᠠᠷᠢᠭᠤᠴᠠᠯᠭ᠎ᠠ ᠪᠠᠨ ᠴᠢᠩᠭ᠎ᠠ ᠬᠦᠢᠴᠡᠳᠬᠡᠵᠦ᠂ ᠪᠥᠬᠦ ᠬᠤᠰᠢᠭᠤᠨ ᠤ ᠤᠯᠤᠰ ᠲᠥᠷᠥ | ᠨᠡᠶᠢᠭᠡᠮ ᠤᠨ ᠶᠡᠭᠡ ᠲᠠᠯ᠎ᠠ ᠶᠢᠨ ᠦᠷᠭᠦᠯᠵᠢᠯᠡᠨ ᠲᠣᠭᠲᠠᠭᠤᠨ ᠪᠠᠶᠢᠬᠤ ᠪᠠ ᠰᠦᠯᠵᠢᠶᠡᠨ ᠤ ᠣᠷᠣᠨ ᠵᠠᠶ ᠶᠢᠨ ᠡᠮᠬᠢ | ᠵᠢᠷᠤᠮ ᠲᠠᠢ ᠪᠠᠶᠢᠬᠤ ᠳᠤ ᠬᠤᠪᠢ ᠨᠡᠮᠡᠷᠢ ᠪᠠᠨ ᠦᠵᠡᠭᠦᠯᠦᠭᠰᠡᠨ ᠶᠤᠮ᠃ | ᠬᠦᠴᠢᠷ ᠪᠡᠷᠬᠡ ᠪᠣᠯᠤᠨ ᠥᠷᠢᠰᠥᠯᠳᠦᠭᠡᠨ ᠳᠤ ᠣᠷᠭᠢᠯ ᠶᠡᠷᠦ ᠠᠴᠠ ᠤᠬᠤᠷᠢᠭ᠎ᠠ ᠦᠬᠡᠢ᠃ ᠡᠬᠢ ᠪᠠᠶᠠᠯᠢᠭ | ᠬᠢᠵᠠᠭᠠᠷ ᠲᠠᠢ ᠪᠣᠯᠬᠤᠷ ᠲᠡᠷᠡ ᠭᠠᠵᠠᠷ ᠪᠣᠯᠭᠠᠨ ᠢᠶᠠᠷ ᠶᠠᠪᠤᠵᠤ᠂ ᠵᠠᠰᠠᠭ ᠤᠨ ᠣᠷᠳᠣᠨ ᠤ ᠳᠡᠮᠵᠢᠯᠭᠡ ᠪᠠ ᠨᠡᠶᠢᠭᠡᠮ ᠤᠨ | ᠬᠠᠨᠳᠢᠪᠯᠠᠯ ᠢ ᠢᠳᠡᠪᠬᠢᠲᠡᠶ ᠲᠡᠮᠡᠴᠡᠨ ᠤᠯᠵᠤ᠂ ᠠᠵᠢᠯᠲᠠᠨ ᠢ ᠵᠣᠬᠢᠴᠠᠭᠤᠯᠤᠨ ᠠᠰᠠᠭᠤᠳᠠᠯ ᠭᠠᠷᠪᠠᠯ᠂ ᠲᠡᠷᠡ | ᠬᠦᠯᠢᠴᠡᠩᠭᠦᠶ ᠪᠠᠷ ᠤᠶᠢᠯᠠᠭᠠᠯᠴᠠᠨ ᠵᠥᠷᠢᠴᠡᠯ ᠢ ᠨᠠᠮᠳᠠᠭᠤᠯᠳᠠᠭ᠃ ᠲᠡᠭᠦᠨ ᠤ ᠴᠥᠬᠦᠷᠡᠰᠢ ᠦᠭᠡᠢ ᠴᠢᠷᠮᠠᠶᠢᠯᠭ᠎ᠠ ᠪᠠᠷ᠂ | ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠭᠡ ᠶᠢᠨ ᠦᠢᠯᠡᠴᠢᠯᠡᠭᠡᠨ ᠤ ᠲᠥᠪ ᠤᠨ ᠠᠵᠢᠯ ᠡᠳᠦᠷ ᠠᠴᠠ ᠡᠳᠦᠷ | ᠥᠭᠡᠳᠡᠯᠡᠵᠦ᠂ ᠤᠯᠠᠨ ᠲᠦᠮᠡᠨ ᠤ ᠰᠠᠶᠢᠨ ᠦᠨᠡᠯᠡᠯᠲᠡ ᠶᠢ ᠤᠯᠪᠠ᠃ ᠵᠢᠯ ᠤᠨ ᠡᠬᠢᠨ ᠠᠴᠠ ᠨᠠᠭᠠᠰᠢ᠂ ᠤᠯᠠᠨ | ᠲᠦᠮᠡᠨ ᠤ ᠦᠵᠡᠵᠦ ᠰᠣᠨᠣᠰᠬᠤ ᠳᠤᠷᠠᠲᠠᠢ ᠬᠡᠯᠪᠡᠷᠢ ᠪᠠᠷ ᠡᠯ᠎ᠡ ᠲᠦᠷᠦᠯ ᠤᠨ ᠤᠬᠠᠭᠤᠯᠤᠨ ᠲᠠᠶᠢᠯᠪᠤᠷᠢᠯᠠᠬᠤ | ᠠᠵᠢᠯᠯᠠᠭ᠎ᠠ ᠥᠷᠨᠢᠭᠦᠯᠵᠦ᠂ ︽ᠤᠯᠠᠭᠠᠨ ᠪᠣᠭᠴᠣ︾ ᠰᠢᠷᠢᠰ ᠤᠨᠤᠯ ᠤᠨ ᠤᠬᠠᠭᠤᠯᠤᠨ ᠲᠠᠶᠢᠯᠪᠤᠷᠢᠯᠠᠬᠤ ᠪᠢᠴᠢᠯ | ᠶᠠᠷᠢᠶᠠᠨ ᠤ ᠲᠠᠩᠬᠢᠮ ᠤᠨ ᠰᠦᠯᠵᠢᠶᠡᠨ ᠳᠡᠭᠡᠷᠡᠬᠢ ᠲᠤᠰᠬᠠᠢ ᠪᠤᠯᠤᠩ ᠭᠠᠷᠭᠠᠵᠤ᠂ ᠤᠨᠤᠯ ᠤᠨ ᠰᠤᠷᠤᠯᠴᠠᠯᠭ᠎ᠠ ᠶᠢ | ᠦᠨᠳᠦᠰᠦᠨ ᠱᠠᠲᠤᠨ ᠳᠤ ᠰᠤᠷᠤᠯᠴᠠᠭᠤᠯᠬᠤ ᠶᠢ ᠪᠠᠶᠢᠩᠭᠤᠵᠢᠭᠤᠯᠤᠨ᠂ ᠵᠢᠯ ᠤᠨ ᠳᠣᠲᠣᠷ᠎ᠠ᠂ ᠰᠦᠯᠵᠢᠶᠡᠨ ᠳᠡᠭᠡᠷ᠎ᠡ | ᠨᠡᠶᠢᠲᠡ 115 ᠬᠤᠭᠤᠴᠠᠭ᠎ᠠ᠂ ᠰᠦᠯᠵᠢᠶᠡᠨ ᠭᠠᠳᠠᠨ᠎ᠠ 200 ᠭᠠᠷᠤᠢ ᠤᠳᠠᠭ᠎ᠠ ᠤᠬᠠᠭᠤᠯᠤᠨ ᠲᠠᠶᠢᠯᠪᠤᠷᠢᠯᠠᠵᠤ᠂ | 15000 ᠭᠠᠷᠤᠢ ᠬᠥᠮᠦᠨ ᠤᠳᠠᠭ᠎ᠠ ᠬᠦᠯᠢᠶᠡᠨ ᠠᠪᠤᠪᠠ᠃ ᠬᠤᠰᠢᠭᠤ ᠲᠠᠰ ᠤᠨ ᠭᠤᠤᠯ ᠲᠠᠪᠴᠠᠩ ᠳᠤ ︽ | ᠤᠯᠠᠭᠠᠨ ᠪᠣᠭᠴᠣ︾ ᠣᠨᠣᠯ ᠤᠨ ᠪᠢᠴᠢᠯ ᠬᠢᠴᠢᠶᠡᠯ ᠤᠨ ᠲᠠᠩᠬᠢᠮ 150 ᠬᠤᠭᠤᠴᠠᠭ᠎ᠠ᠂ ︽ᠤᠯᠠᠭᠠᠨ ᠪᠣᠭᠴᠣ︾ | ᠦᠨᠡᠨᠴᠢ ᠢᠲᠡᠭᠡᠮᠵᠢ ᠶᠢᠨ ᠬᠢᠴᠢᠶᠡᠯ ᠤᠨ ᠲᠠᠩᠬᠢᠮ 87 ᠬᠤᠭᠤᠴᠠᠭ᠎ᠠ ᠨᠡᠶᠢᠲᠡᠯᠡᠭᠰᠡᠨ ᠪᠥᠭᠡᠳ ᠪᠥᠬᠦ ᠬᠤᠰᠢᠭᠤᠨ ᠤ | 7 ᠰᠤᠮᠤ ᠪᠠᠯᠭᠠᠰᠤᠨ ᠤ ᠠᠯᠪᠠᠨ ᠤ ᠸᠢᠴᠠᠲ ᠤᠨ ᠣᠯᠠᠨ ᠨᠡᠶᠢᠲᠡ ᠶᠢᠨ ᠳ᠋ᠤᠭᠠᠷ ᠢ ᠵᠣᠬᠢᠶᠠᠨ ᠪᠠᠶᠢᠭᠤᠯᠤᠨ | ᠰᠢᠯᠵᠢᠭᠦᠯᠦᠨ ᠨᠡᠶᠢᠲᠡᠯᠡᠵᠦ᠂ ᠣᠨᠣᠯ ᠤᠨ ᠤᠬᠠᠭᠤᠯᠭ᠎ᠠ ᠶᠢᠨ ᠬᠠᠮᠤᠷᠬᠤ ᠬᠡᠪᠴᠢᠶ᠎ᠡ ᠶᠢ ᠤᠯᠠᠮ ᠨᠢᠭᠡ ᠠᠯᠬᠤᠮ | ᠥᠷᠭᠡᠳᠬᠡᠪᠡ᠃ ᠡᠭᠦᠨ ᠤ ᠬᠠᠮᠲᠤ᠂ ᠪᠣᠯᠪᠠᠰᠤᠨ ᠦᠢᠯᠡᠳᠦᠯᠭᠡ ᠶᠢᠨ ᠲᠥᠪ ᠤᠨ ᠦᠢᠯᠡᠳᠦᠯ ᠢ ᠭᠦᠢᠴᠡᠳ | ᠪᠠᠳᠠᠷᠠᠭᠤᠯᠬᠤ ᠶᠢᠨ ᠲᠥᠯᠥᠭᠡ᠂ ᠡᠨᠡ ᠵᠢᠯ ᠠᠴᠠ ᠨᠠᠭᠠᠰᠢ ᠤᠷᠢᠳ ᠬᠤᠵᠢᠳ ︽ᠪᠣᠯᠪᠠᠰᠤᠨ ᠤ ᠦᠢᠯᠡᠳᠦᠯᠭᠡ ᠶᠢᠨ | ᠴᠠᠭᠠᠨ ᠰᠠᠷ᠎ᠠ ᠪᠠᠨ ᠤᠭᠲᠤᠬᠤ ᠠᠵᠢᠯᠯᠠᠭ᠎ᠠ︾᠂ ︽ᠯᠧᠢ ᠹᠧᠩ ᠤᠨ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠬᠤ︾ | ᠬᠤᠶᠠᠳᠤᠭᠠᠷ ᠬᠤᠭᠤᠴᠠᠭᠠᠨ ᠤ ᠪᠣᠯᠪᠠᠰᠤᠨ ᠦᠢᠯᠡᠳᠦᠯᠭᠡ ᠶᠢᠨ ᠦᠢᠯᠡᠴᠢᠯᠡᠬᠡᠨ ᠤ ᠴᠤᠭᠯᠠᠭ᠎ᠠ ᠮᠠᠶᠢᠮᠠᠢ ᠂ ︽ | ᠥᠴᠦᠬᠡᠨ ᠬᠦᠰᠡᠯ ᠢᠶᠠᠨ ᠳᠡᠷᠭᠡᠯᠰᠢᠬᠦᠯᠵᠦ᠂ ᠵᠢᠷᠭᠤᠭᠠᠨ ᠰᠠᠷ᠎ᠠ ᠶᠢᠨ ᠨᠢᠭᠡᠨ ᠢ ᠪᠠᠶᠠᠷ ᠬᠥᠷ ᠲᠠᠢ ᠥᠩᠭᠡᠷᠡᠭᠦᠯᠬᠦ︾᠂ | ︽ᠲᠤᠯᠤᠭᠠᠨ ᠰᠠᠷ᠎ᠠ ᠶᠢᠨ ᠲᠤᠯᠤᠭᠠᠨ ᠤ ᠠᠯᠳᠠᠨ ᠤᠷᠤᠭ ᠤᠨ ᠠᠵᠢᠯᠯᠠᠭ᠎ᠠ︾ ᠵᠡᠷᠭᠡ ᠲᠤᠮᠤ ᠬᠡᠯᠪᠡᠷᠢ ᠶᠢᠨ | ᠪᠣᠯᠪᠠᠰᠤᠨ ᠦᠢᠯᠡᠳᠦᠯᠭᠡ ᠶᠢᠨ ᠠᠵᠢᠯᠯᠠᠭ᠎ᠠ ᠶᠢ 10 ᠭᠠᠷᠤᠢ ᠤᠳᠠᠭ᠎ᠠ ᠡᠷᠬᠢᠯᠡᠪᠡ᠃ ︽ᠤᠯᠠᠭᠠᠨᠮᠥ᠋ᠴᠢᠷ + ᠤᠯᠠᠭᠠᠨ | ᠪᠣᠭᠴᠣ︾ ᠲᠠᠯ᠎ᠠ ᠨᠤᠲᠤᠭ ᠤᠨ ᠪᠣᠯᠪᠠᠰᠤᠨ ᠦᠢᠯᠡᠳᠦᠯᠬᠡ ᠶᠢᠨ ᠦᠢᠯᠡᠴᠢᠯᠡᠭᠡᠨ ᠤ ᠲᠤᠤᠷ ᠰᠦᠯᠵᠢᠶ᠎ᠡ ᠳᠤ | ᠲᠦᠰᠢᠭᠯᠡᠨ᠂ ᠣᠨᠣᠯ ᠤᠨ ᠤᠬᠠᠭᠤᠯᠭ᠎ᠠ᠂ ᠤᠷᠠᠨ ᠰᠠᠶᠢᠬᠠᠨ ᠤ ᠲᠣᠭᠯᠠᠯᠲᠠ᠂ ᠤᠯᠤᠰ ᠤᠨ ᠪᠠᠲᠤᠯᠠᠨ | ᠬᠠᠮᠠᠭᠠᠯᠠᠯᠲᠠ ᠶᠢᠨ ᠬᠥᠮᠦᠵᠢᠯ᠂ ᠮᠡᠷᠭᠡᠵᠢᠯ ᠴᠢᠳᠠᠪᠤᠷᠢ ᠶᠢᠨ ᠰᠤᠷᠭᠠᠯᠳᠠ᠂ ᠦᠨᠡᠨᠴᠢ ᠢᠲᠡᠭᠡᠮᠵᠢ ᠶᠢᠨ ᠪᠠᠶᠢᠭᠤᠯᠤᠯᠲᠠ | ᠵᠡᠷᠭᠡ ᠠᠵᠢᠯᠯᠠᠭ᠎ᠠ ᠶᠢ 150 ᠭᠠᠷᠤᠶ ᠲᠠᠯᠠᠪᠠᠶ ᠤᠳᠠᠭ᠎ᠠ ᠥᠷᠭᠡᠨ ᠳᠡᠯᠭᠡᠷ ᠥᠷᠨᠢᠭᠦᠯᠵᠦ᠂ 1 ᠲᠦᠮᠡ ᠭᠠᠷᠤᠶ | ᠭᠥᠯᠢᠶᠡᠨ ᠠᠪᠤᠭᠴᠢᠳ 300 ᠭᠠᠷᠤᠶ ᠬᠦᠰᠡᠯ ᠰᠠᠨᠠᠯ ᠢᠶᠠᠨ ᠳᠡᠪᠰᠢᠬᠦᠯᠪᠡ᠃ | ᠣᠷᠭᠢᠯ ᠥᠪᠡᠷ ᠤᠨ ᠦᠢᠯᠡ ᠠᠵᠢᠯᠯᠠᠭ᠎ᠠ ᠪᠠᠷ ᠢᠶᠠᠨ ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠬᠡ ᠶᠢᠨ | ᠠᠵᠢᠯ ᠤᠨ ᠠᠭᠤᠯᠤᠭᠳᠠᠬᠤᠨ ᠢ ᠳᠠᠶᠢᠯᠪᠤᠷᠢᠯᠠᠳᠠᠭ ᠪᠣᠯᠪᠠᠰᠤᠨ ᠦᠢᠯᠡᠳᠦᠯᠬᠡ ᠶᠢᠨ ᠵᠠᠮ ᠳᠠᠬᠢ ᠳᠠᠭᠠᠭᠤᠯᠤᠭᠴᠢ᠂ | ᠪᠤᠯᠪᠠᠰᠤᠨ ᠦᠢᠯᠡᠳᠦᠯᠬᠡ ᠶᠢᠨ ᠵᠠᠮ ᠳᠤ ᠲᠠᠰᠤᠷᠠᠯᠲᠠ ᠥᠬᠡᠶ ᠤᠷᠤᠭᠰᠢᠯᠠᠵᠤ᠂ ᠨᠠᠩ ᠰᠠᠶᠢᠨ ᠰᠠᠶᠢᠬᠠᠨ ᠨᠡᠶᠢᠭᠡᠮ ᠢ | ᠪᠠᠶᠢᠭᠤᠯᠬᠤ ᠶᠢᠨ ᠲᠥᠯᠥᠭᠡ ᠴᠢᠷᠮᠠᠶᠢᠨ ᠲᠡᠮᠡᠴᠡᠵᠦ ᠪᠠᠶᠢᠭ᠎ᠠ ᠬᠤᠰᠢᠭᠤᠴᠢ ᠶᠤᠮ᠃ | |