ᠤᠶᠠᠭᠠᠴᠢᠳ ᠤᠨ ᠰᠠᠷ᠎ᠠ ᠰᠢᠨ᠎ᠡ ᠶᠢᠨ ᠴᠡᠩᠭᠡᠬᠦᠨ ᠠᠮᠵᠢᠯᠳᠠᠳᠠᠢ ᠰᠠᠶᠢᠬᠠᠨ ᠪᠤᠯᠵᠤ ᠦᠩᠭᠡᠷᠡᠯ᠎ᠡ
ᠨᠡᠶᠢᠲᠡᠯᠡᠭᠰᠡᠨ ᠴᠠᠭ᠄
2024/2/21
     2 ᠰᠠᠷ᠎ᠠ ᠶᠢᠨ 20᠎ ᠤ ᠡᠳᠦᠷ᠂ ︽ᠰᠦᠨᠢᠳ︾ ᠭᠠᠯ ᠤᠶᠠᠭᠠᠨ ᠤ ᠰᠠᠷ᠎ᠠ ᠰᠢᠨ᠎ᠡ ᠶᠢᠨ ᠵᠤᠯᠭᠠᠯᠳᠠ ᠵᠢᠴᠢ ᠳᠠᠪᠤᠳᠤᠭᠠᠷ ᠤᠳᠠᠭᠠᠨ ᠤ ᠤᠶᠠᠭᠠᠴᠢᠳ ᠤᠨ ᠱᠠᠩᠨᠠᠨ ᠬᠦᠬᠢᠬᠦᠯᠬᠦ ᠠᠵᠢᠯᠯᠠᠭ᠎ᠠ ᠠᠮᠵᠢᠯᠳᠠ ᠲᠦᠭᠦᠷᠡᠩ ᠪᠤᠯᠵᠤ ᠦᠩᠭᠡᠷᠡᠨ᠂ ᠤᠶᠠᠭᠠᠴᠢᠳ ᠮᠠᠨᠢ ᠬᠦᠬᠡ ᠯᠤᠤ ᠵᠢᠯ ᠤᠨ ᠢᠶᠠᠨ ᠠᠩᠬᠠᠨ ᠤ ᠤᠷᠤᠯᠳᠤᠭᠠᠨ ᠢ ᠵᠤᠬᠢᠶᠠᠨ ᠪᠠᠶᠢᠭᠤᠯᠤᠨ᠂ ᠬᠤᠷᠳᠤᠨ ᠪᠤᠶᠠᠨ ᠤ ᠳᠤᠭᠤᠰᠤ ᠪᠠᠷ ᠠᠵᠠ ᠬᠡᠶᠢᠮᠤᠷᠢ ᠪᠠᠨ ᠪᠠᠳᠠᠷᠠᠭᠠᠨ᠂  ᠰᠢᠨ᠎ᠡ ᠨᠢᠬᠡᠨ ᠵᠢᠯ ᠤᠨ ᠢᠶᠠᠨ ᠠᠮᠵᠢᠯᠳᠠ ᠎ ᠶᠢ ᠬᠤᠷᠤᠶᠢᠯᠠᠯ᠎ᠠ᠃       ︽ᠬᠤᠷᠳᠤᠨ ᠬᠦᠯᠦᠭ ᠤᠨ ᠦᠯᠦᠬᠡᠢ︾᠎ ᠪᠠᠷ ᠢᠶᠠᠨ ᠠᠯᠳᠠᠷᠳᠠᠢ ᠰᠦᠨᠢᠳ ᠨᠤᠳᠤᠭ ᠤᠨ ᠬᠠᠰᠢᠷ ᠳᠤᠷᠰᠢᠯᠭ᠎ᠠ ᠲᠠᠢ ᠤᠶᠠᠭᠠᠴᠢᠳ ᠮᠠᠨᠢ ᠬᠤᠷᠳᠤᠨ ᠬᠤᠷᠴᠠ ᠬᠦᠯᠦᠭ ᠤᠨ ᠢᠶᠠᠨ ᠰᠢᠨᠳᠠᠰᠤ ᠶᠢ ᠰᠤᠷᠢᠬᠤ ᠪᠠᠷ ᠬᠦᠷᠦᠯᠴᠡᠨ ᠢᠷᠡᠵᠡᠭᠡᠭᠰᠡᠨ ᠠᠴᠠ ᠭᠠᠳᠠᠨ᠎ᠠ᠂ ᠠᠪᠠᠭ᠎ᠠ᠂ ᠵᠡᠬᠦᠨ ᠰᠦᠨᠢᠳ ᠵᠡᠷᠭᠡ ᠠᠳᠤᠭᠤ ᠪᠠᠷ ᠢᠶᠠᠨ ᠠᠯᠳᠠᠷᠳᠠᠢ  ᠬᠤᠰᠢᠭᠤ ᠨᠤᠳᠤᠭ ᠤᠨ ᠰᠠᠶᠢᠨ ᠤᠶᠠᠭᠠᠴᠢᠳ ᠬᠦᠷᠦᠯᠴᠡᠨ ᠢᠷᠡᠵᠦ᠂ ᠨᠡᠶᠢᠳᠡ ᠵᠠᠭᠤᠭᠠᠳ ᠮᠤᠷᠢᠳ ᠶᠡᠭᠡ ᠨᠠᠰᠤᠨ ᠤ ᠡᠭᠦᠯᠳᠡᠷ ᠤᠨ ᠮᠤᠷᠢᠨ ᠤ ᠤᠷᠤᠯᠳᠤᠭᠠᠨ᠂ ᠮᠤᠩᠭᠤᠯ ᠮᠤᠷᠢᠨ ᠤ ᠤᠷᠤᠯᠳᠤᠭᠠᠨ ᠳᠤ ᠤᠷᠤᠯᠳᠤᠭᠰᠠᠨ ᠪᠠᠶᠢᠨ᠎ᠠ᠃      ᠤᠷᠤᠯᠳᠤᠭᠠᠨ ᠤ ᠳ᠋ᠦᠩ ᠳᠤ᠂ ᠮᠤᠩᠭᠤᠯ ᠮᠤᠷᠢᠨ ᠤ ᠤᠷᠤᠯᠳᠤᠭᠠᠨ ᠳᠤ᠂ ︽ᠰᠦᠨᠢᠳ︾ ᠭᠠᠯ ᠤᠶᠠᠭᠠᠨ ᠎ ᠤ ᠬᠦᠬᠡᠮᠦ᠋ᠷᠡᠨ ᠤ ᠴᠢᠨ᠋ᠸ᠎ᠠ ᠶᠢᠨ ᠰᠠᠭᠠᠷᠠᠯ ᠲᠦᠷᠦᠬᠦᠦ ᠮᠠᠩᠨᠠᠢ ᠳᠤ ᠢᠷᠡᠵᠦ᠂ ᠠᠪᠠᠭ᠎ᠠ ᠬᠤᠰᠢᠭᠤᠨ ᠤ ︽ᠪᠠᠶᠠᠨᠴᠠᠭᠠᠨ︾ ᠭᠠᠯ ᠤᠶᠠᠭᠠᠨ ᠤ ᠪᠦᠷᠢᠨᠳᠡᠭᠦᠰ ᠤᠨ ᠢᠳᠡᠭᠡᠯ ᠠᠯᠠᠭ ᠠᠮᠠᠨ ᠬᠦᠵᠦᠬᠦᠳᠡᠨ᠂ ᠠᠪᠠᠭ᠎ᠠ ᠬᠤᠰᠢᠭᠤᠨ ᠎ ᠤ ︽ᠪᠤᠭᠳᠠ︾᠎ ᠶᠢᠨ ᠭᠠᠯ ᠤᠶᠠᠭᠠᠨ ᠤ ᠴᠢᠩᠵᠤᠷᠢᠭ ᠤᠨ ᠬᠦᠷᠡᠩ ᠬᠠᠯᠵᠠᠨ᠂  ᠵᠡᠬᠦᠨ ᠰᠦᠨᠢᠳ ᠤᠨ  ︽ᠬᠠᠯᠳᠠᠷ ᠎ ᠤᠨ ᠦᠦᠷᠰᠡᠭᠡ︾ ᠭᠠᠯ ᠤᠶᠠᠭᠠᠨ ᠤ ᠤᠳᠬᠤᠨᠪᠤᠳᠢ ᠶᠢᠨ ᠬᠠᠯᠳᠠᠷ ᠬᠠᠯᠵᠠᠨ᠂ ︽ᠳᠠᠮᠠᠴᠢ ᠶᠢᠨ ᠬᠤᠷᠳᠤ︾ ᠭᠠᠯ ᠤᠶᠠᠭᠠᠨ ᠤ ᠪᠠᠶᠠᠨᠵᠢᠷᠭᠠᠯ ᠤᠨ ᠬᠤᠩᠭᠤᠷ ᠬᠠᠯᠵᠠᠨ ᠠᠶᠢᠷᠠᠭ ᠤᠨ ᠳᠠᠪᠤ ᠳᠤ ᠬᠤᠷᠳᠤᠯᠠᠨ᠂ ᠡᠭᠦᠯᠳᠡᠷ ᠤᠨ ᠮᠤᠷᠢᠨ ᠤ ᠤᠷᠤᠯᠳᠤᠭᠠᠨ ᠳᠤ᠂ ︽ᠰᠦᠨᠢᠳ︾ ᠭᠠᠯ ᠤᠶᠠᠭᠠᠨ ᠤ ᠴᠢᠩᠭᠦᠨᠵᠠᠪ ᠤᠨ ᠬᠠᠯᠳᠠᠷ ᠮᠤᠷᠢ ᠲᠦᠷᠦᠬᠦᠦ ᠮᠠᠩᠨᠠᠢ ᠳᠤ ᠳᠤᠳᠤᠷᠠᠵᠤ᠂ ᠵᠡᠬᠦᠨ ᠰᠦᠨᠢᠳ ᠤᠨ ︽ᠬᠤᠤᠬᠤᠩ︾ ᠭᠠᠯ ᠤᠶᠠᠭᠠᠨ ᠤ ᠪᠠᠳᠤᠴᠡᠩᠭᠡᠯ ᠤᠨ ᠬᠦᠷᠡᠩ ᠮᠤᠷᠢ ᠠᠮᠠᠨ ᠬᠦᠵᠦᠬᠦᠳᠡᠵᠦ᠂  ︽ᠰᠦᠨᠢᠳ︾ ᠭᠠᠯ ᠤᠶᠠᠭᠠᠨ ᠤ ᠠᠮᠤᠷᠰᠠᠨᠠᠭ᠎ᠠ ᠶᠢᠨ ᠬᠠᠷ᠎ᠠ ᠮᠤᠷᠢ᠂ ᠮᠦᠩᠭᠡᠵᠠᠶᠠᠭ᠎ᠠ ᠶᠢᠨ ᠬᠤᠸᠠ ᠮᠤᠷᠢ᠂ ᠴᠡᠩᠭᠡᠯ ᠤᠨ ᠬᠤᠩᠭᠤᠷ ᠬᠠᠯᠵᠠᠨ ᠠᠶᠢᠷᠠᠭ ᠤᠨ ᠳᠠᠪᠤ ᠳᠤ ᠬᠤᠷᠳᠤᠯᠠᠵᠤ᠂ ᠡᠵᠡᠨ ᠢᠶᠠᠨ ᠪᠠᠶᠠᠰᠬᠠᠯ᠎ᠠ      ᠤᠷᠤᠢ ᠨᠢ᠂ ︽ᠰᠦᠨᠢᠳ︾ ᠭᠠᠯ ᠤᠶᠠᠭᠠᠨ ᠤ ᠪᠦᠬᠦ ᠬᠡᠰᠢᠬᠦᠳ ᠤᠨ ᠤᠷᠤᠯᠴᠠᠭ᠎ᠠ ᠲᠠᠢ ᠨᠠᠭᠠᠳᠤᠮ ᠴᠡᠩᠭᠡᠬᠦᠨ ᠵᠤᠬᠢᠶᠠᠨ ᠪᠠᠶᠢᠭᠤᠯᠵᠤ᠂ ᠤᠯᠠᠮᠵᠢᠯᠠᠯᠳᠤ ᠱᠠᠭᠠᠢ ᠨᠠᠭᠠᠳᠤᠭᠠᠢ᠂ ᠳᠠᠭᠤᠤ ᠶᠢ ᠦᠷᠬᠦᠯᠵᠢᠯᠡᠬᠦᠯᠵᠦ ᠳᠠᠭᠤᠯᠠᠬᠤ᠂ ᠰᠡᠭᠡᠷ ᠱᠠᠭᠠᠬᠤ ᠵᠡᠷᠭᠡ ᠰᠤᠨᠢᠷᠬᠠᠯᠳᠠᠢ ᠨᠠᠭᠠᠳᠤᠮ ᠳᠤᠭᠯᠠᠭᠠᠮ ᠦᠷᠨᠢᠬᠦᠯᠦᠨ᠂ ᠦᠩᠭᠡᠷᠡᠭᠰᠡᠨ ᠵᠢᠯ ᠳᠤ ᠠᠮᠵᠢᠯᠳᠠᠳᠠᠢ ᠰᠠᠶᠢᠬᠠᠨ ᠨᠠᠭᠠᠳᠤᠭᠰᠠᠨ ᠤᠶᠠᠭᠠᠴᠢᠳ᠂ ᠤᠨᠤᠭᠠᠴᠢᠳ ᠢᠶᠠᠨ ᠱᠠᠩᠨᠠᠨ ᠤᠷᠮᠠᠰᠢᠭᠤᠯᠵᠤ᠂  ︽ᠰᠦᠨᠢᠳ︾ ᠭᠠᠯ ᠤᠨ ᠪᠦᠬᠦ ᠤᠶᠠᠭᠠᠴᠢᠳ ᠤᠨ ᠢᠶᠠᠨ ᠰᠢᠨ᠎ᠡ ᠨᠢᠬᠡᠨ ᠵᠢᠯ ᠤᠨ ᠰᠢᠯᠢᠳᠡᠭ ᠠᠮᠵᠢᠯᠳᠠ ᠶᠢ ᠬᠤᠷᠤᠶᠢᠯᠠᠯ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号