ᠠᠪᠤ ᠡᠵᠢ ᠶᠢᠨ ᠡᠨᠡᠷᠢᠯ ᠬᠠᠶᠢᠷ᠎ᠠ ᠠᠨᠠᠪᠠᠳ ᠳᠠᠯᠠᠢ ᠠᠴᠠ ᠶᠡᠭᠡ
ᠨᠡᠶᠢᠲᠡᠯᠡᠭᠰᠡᠨ ᠴᠠᠭ᠄
2023/12/26
    ᠤᠯᠤᠰ ᠤᠨ ᠬᠡᠤᠬᠡᠳ ᠤᠨ ᠲᠤᠰᠬᠠᠢ ᠰᠡᠳᠤᠪᠳᠤ ᠰᠤᠷᠪᠤᠯᠵᠢᠯᠠᠭ᠎ᠠ ᠶᠢᠨ ᠠᠶᠠᠯᠠᠯ ᠢᠶᠠᠷ ᠰᠦᠨᠢᠳ ᠪᠠᠷᠠᠭᠤᠨ ᠬᠤᠰᠢᠭᠤᠨ ᠤ ᠰᠠᠶᠢᠬᠠᠨᠳᠠᠯ᠎ᠠ ᠪᠠᠯᠭᠠᠰᠤᠨ ᠤ ᠪᠠᠶᠠᠨ ᠳᠤᠭᠤᠷᠢᠭ ᠳᠤ ᠰᠠᠭᠤᠭ᠎ᠠ ᠪᠠᠳᠤᠪᠠᠭᠠᠳᠤᠷ ᠤᠨ ᠳᠤ ᠬᠦᠷᠴᠤ ᠲᠡᠬᠦᠨ ᠤ ᠬᠡᠷᠬᠡᠢ ᠰᠠᠶᠢᠬᠠᠨ ᠢ  ᠰᠤᠷᠪᠤᠯᠵᠢᠯᠠᠯ᠎ᠠ᠃    ᠰᠠᠶᠢᠬᠠᠨ᠄ ︽ᠪᠢ ᠪᠤᠯ 1958 ᠤᠨ ᠳᠤ ᠡᠮᠤᠨ᠎ᠡ ᠤᠷᠤᠨ ᠠᠴᠠ ᠢᠷᠡᠭᠰᠡᠨ ᠤᠯᠤᠰ ᠤᠨ ᠭᠤᠷᠪᠠᠨ ᠮᠢᠩᠭᠠᠨ ᠦᠨᠤᠴᠢᠨ ᠬᠡᠤᠬᠡᠳ ᠤᠨ ᠨᠢᠭᠡ᠂ ᠰᠠᠶᠢᠬᠠᠨ ᠬᠡᠳᠡᠭ᠃  ᠳᠦᠩᠬᠡᠵᠤ ᠲᠠᠪᠤ ᠵᠢᠷᠭᠤᠭᠠᠨ ᠰᠠᠷ᠎ᠠ ᠪᠤᠯᠵᠤ ᠪᠠᠶᠢᠬᠰᠠᠨ ᠰᠢᠮ᠎ᠡ ᠳᠡᠵᠢᠬᠡᠯ ᠳᠤᠳᠠᠬᠳᠠᠬᠰᠠᠨ ᠡᠴᠡᠩᠬᠡᠢ ᠳᠤᠷᠠᠩᠬᠠᠢ ᠲᠤᠯᠤᠭᠠᠢ ᠬᠡᠳᠡᠰᠤ ᠬᠤᠶᠠᠷ ᠪᠤᠯᠤᠬᠰᠠᠨ ᠪᠠᠭᠤᠷᠠᠢ ᠬᠡᠤᠬᠡᠳ ᠪᠠᠶᠢᠯ᠎ᠠ ᠬᠡᠳᠡᠭ᠃ ᠨᠠᠮᠠᠶᠢ ᠡᠷᠬᠦᠭᠰᠡᠨ ᠠᠪᠤ ᠪᠤᠯ ᠰᠦᠨᠢᠳ ᠪᠠᠷᠠᠭᠤᠨ ᠬᠤᠰᠢᠭᠤᠨ ᠤ ᠰᠤᠷᠭᠠᠨ ᠬᠦᠮᠤᠵᠢᠯ ᠤᠨ ᠰᠠᠯᠠᠭᠠᠨ ᠤ ᠳᠡᠳ᠋ ᠳᠠᠷᠤᠭ᠎ᠠ᠂ ᠬᠤᠰᠢᠭᠤ ᠳᠤᠮᠳᠠᠳᠤ ᠰᠤᠷᠭᠠᠭᠤᠯᠢ ᠶᠢᠨ ᠵᠠᠬᠢᠷᠤᠯ ᠭᠤᠮᠪᠤ ᠬᠡᠳᠡᠭ᠂ ᠡᠷᠬᠦᠭᠰᠡᠨ ᠡᠵᠢ ᠪᠤᠯ ᠰᠦᠨᠢᠳ ᠪᠠᠷᠠᠭᠤᠨ ᠬᠤᠰᠢᠭᠤᠨ ᠤ ᠨᠢᠬᠡᠳᠤᠬᠡᠷ ᠪᠠᠭ᠎ᠠ ᠰᠤᠷᠭᠠᠭᠤᠯᠢ ᠶᠢᠨ ᠵᠠᠬᠢᠷᠤᠯ ᠠᠯᠳᠠᠨᠴᠡᠴᠡᠭ ᠬᠡᠳᠡᠭ᠃  ᠦᠷ᠎ᠡ ᠬᠡᠤᠬᠡᠳ ᠦᠬᠡᠢ ᠡᠨᠡ ᠬᠤᠶᠠᠷ ᠪᠤᠭᠤᠷᠤᠯ ᠳᠤ ᠦᠷᠡᠴᠢᠯᠡᠭᠳᠡᠨ ᠡᠷᠬᠦᠭᠳᠡᠵᠦ᠂ ᠡᠨᠡ ᠠᠶᠢᠯ ᠤᠨ ᠬᠠᠶᠢᠷ᠎ᠠ ᠲᠠᠢ ᠭᠠᠭᠴᠠ ᠬᠡᠤᠬᠡᠨ ᠪᠤᠯᠵᠡᠢ᠃ ᠠᠮᠠᠨ ᠳᠠᠭᠠᠨ ᠬᠢᠪᠡᠯ ᠬᠠᠶᠢᠯᠬᠤ ᠠᠴᠠ ᠠᠶᠤᠵᠤ᠂ ᠠᠯᠠᠭᠠᠨ ᠳᠡᠬᠡᠷ᠎ᠡ ᠪᠠᠨ ᠲᠡᠪᠡᠷᠢᠪᠡᠯ ᠤᠨᠠᠬᠤ ᠠᠴᠠ ᠬᠢᠴᠢᠶᠡᠨ ᠬᠠᠶᠢᠷᠠᠯᠠᠵᠤ ᠦᠰᠬᠡᠨ ᠪᠤᠶᠢᠵᠢᠭᠤᠯᠵᠤ᠂ ᠰᠤᠶᠤᠯ ᠪᠤᠯᠪᠠᠰᠤᠷᠠᠯ ᠲᠠᠢ ᠰᠤᠷᠭᠠᠨ ᠬᠦᠮᠤᠵᠢᠬᠦᠯᠵᠡᠢ᠃   ᠮᠢᠨᠤ ᠠᠪᠤ ᠪᠤᠯ ᠰᠦᠨᠢᠳ ᠪᠠᠷᠠᠭᠤᠨ ᠬᠤᠰᠢᠭᠤᠨ ᠤ ᠠᠴᠢᠲᠦᠠᠠᠭᠤᠯᠠ ᠰᠤᠮᠤᠨ ᠤ ᠳᠦᠰᠢᠠᠠᠭᠤᠯᠠ ᠭᠠᠴᠠᠭ᠎ᠠ ᠪᠠᠷ ᠨᠤᠳᠤᠭ ᠲᠠᠢ᠂ ᠦᠬᠡ ᠳᠠᠭᠤ ᠴᠦᠬᠡᠨ ᠲᠠᠢ᠂ ᠠᠵᠢᠯ ᠳᠠᠭᠠᠨ ᠬᠢᠨᠠᠮᠠᠭᠠᠢ ᠲᠦᠪ ᠭᠤᠤᠯᠴᠢ ᠯᠠᠪᠳᠠᠭᠤᠨ᠂ ᠦᠷᠬᠡᠨ ᠳᠡᠯᠬᠡᠷ ᠮᠡᠳᠡᠯᠬᠡ ᠲᠠᠢ᠂ ᠡᠷᠳᠡ ᠰᠡᠬᠡᠬᠡᠷᠡᠭᠰᠡᠨ ᠬᠦᠮᠤᠨ ᠤ ᠨᠢᠬᠡ ᠪᠠᠶᠢᠵᠠᠢ᠃ ᠠᠪᠤ ᠮᠢᠨᠢ ᠨᠠᠮᠠᠶᠢ ᠬᠡᠵᠢᠶᠡᠳᠡ ︽ᠨᠤᠮ ᠪᠢᠴᠢᠭ ᠢ ᠰᠠᠶᠢᠨ ᠰᠤᠷᠤᠯᠴᠠ᠂ ᠮᠡᠳᠡᠯᠬᠡ ᠴᠢᠳᠠᠪᠤᠷᠢ ᠪᠤᠯ ᠬᠦᠮᠤᠨ ᠳᠤ ᠬᠡᠵᠢᠶᠡᠳᠡ ᠢᠯᠡᠬᠦᠳᠡᠬᠦ ᠦᠬᠡᠢ ᠶᠤᠮ᠂ ᠨᠤᠮ ᠰᠠᠶᠢᠨ ᠤᠩᠰᠢ︾ ᠬᠡᠵᠤ ᠵᠢᠭᠠᠨ ᠰᠤᠷᠭᠠᠳᠠᠭ ᠪᠠᠶᠢᠬᠰᠠᠨ ᠶᠤᠮ᠃ ᠡᠵᠢ ᠪᠤᠯ ᠰᠦᠨᠢᠳ ᠪᠠᠷᠠᠭᠤᠨ ᠬᠤᠰᠢᠭᠤᠨ ᠤ  ᠪᠦᠳᠤᠮᠵᠢ ᠰᠤᠮᠤ ᠪᠠᠷ ᠨᠤᠳᠤᠭ ᠲᠠᠢ᠂ ᠠᠰᠪᠤᠷᠢ ᠴᠠᠭᠠᠪᠤᠷ ᠵᠠᠩ ᠲᠠᠢ᠂ ᠠᠵᠢᠯᠴᠢ ᠪᠤᠷᠤᠬᠵᠢᠭᠤᠨ ᠰᠤᠷᠳᠠᠯ ᠲᠠᠢ᠂ ᠪᠤᠰᠤᠳ ᠢ ᠳᠤᠰᠠᠯᠠᠵᠤ ᠳᠡᠮᠵᠢᠬᠦ ᠳᠤᠷ᠎ᠠ ᠲᠠᠢ᠂ ᠦᠷᠬᠡᠨ ᠤᠯᠡᠨ ᠤ ᠪᠠᠨ ᠳᠤᠮᠳᠡ ᠲᠤᠩ ᠶᠡᠭᠡ ᠬᠦᠷᠢᠶᠡᠯᠡᠯ ᠬᠦᠨᠳᠤᠳᠬᠡᠯ ᠲᠠᠢ ᠬᠦᠮᠤᠨ ᠪᠠᠶᠢᠪᠠ᠃     ᠪᠢ ᠪᠠᠭ᠎ᠠ ᠳᠠᠭᠠᠨ ᠪᠡᠶ᠎ᠡ ᠳᠤᠩ ᠪᠠᠭᠤᠷᠠᠢ ᠪᠠᠶᠢᠬᠰᠠᠨ ᠠᠴᠠ ᠨᠢᠬᠡ ᠤᠳᠠᠭ᠎ᠠ ᠳᠤᠩ ᠦᠨᠳᠤᠷ ᠬᠠᠯᠠᠭᠤᠷᠠᠭᠠᠳ ᠬᠠᠯᠠᠭᠤᠨ ᠨᠢ ᠪᠤᠴᠠᠬᠤ ᠦᠬᠡᠢ ᠲᠤᠯᠠ ᠡᠵᠢ ᠠᠪᠤ ᠶᠢ ᠡᠳᠤᠷ ᠰᠦᠨᠢ ᠦᠬᠡᠢ ᠶᠡᠭᠡ ᠵᠤᠪᠠᠭᠠᠵᠤ ᠪᠠᠶᠢᠵᠡᠢ᠃ ᠲᠡᠬᠡᠬᠡᠳ ᠡᠮᠴᠢ ᠲᠠᠢ ᠪᠠᠨ ᠪᠠᠭ᠎ᠠ ᠵᠦᠷᠢᠯᠳᠤᠭ᠍ᠰᠡᠨ ᠬᠡᠳᠡᠭ᠂ ᠦᠨᠡᠨ ᠳᠡᠭᠡᠨ ᠪᠢ ᠤᠯᠠᠭᠠᠨ ᠨᠤᠳ ᠬᠦᠷᠤᠭ᠍ᠰᠡᠨ ᠪᠠᠶᠢᠬᠰᠠᠨ ᠢ ᠨᠢ ᠡᠮᠴᠢ ᠪᠤᠷᠤᠭᠤ ᠤᠨᠤᠰᠢᠯᠠᠵᠤ ᠡᠮᠨᠡᠭᠰᠡᠨ ᠪᠠᠶᠢᠵᠡᠢ᠃ ᠪᠢ ᠪᠠᠭ᠎ᠠ ᠳᠠᠭᠠᠨ ᠪᠠᠰᠠ ᠶᠠᠰᠤ ᠵᠦᠬᠡᠯᠡᠷᠡᠬᠦ ᠡᠪᠡᠳᠴᠢᠨ ᠳᠤ ᠨᠡᠷᠪᠡᠭᠳᠡᠵᠦ᠂ ᠬᠦᠶᠤᠵᠤ ᠪᠠᠶᠢᠬᠰᠠᠨ ᠬᠡᠤᠬᠡᠳ ᠬᠡᠨᠡᠳᠳᠡ ᠪᠤᠰᠴᠤ ᠴᠢᠳᠠᠬᠤ ᠦᠬᠡᠢ ᠰᠠᠭᠤᠭ᠎ᠠ ᠪᠤᠯᠤᠬᠰᠠᠨ ᠶᠤᠮ᠃ ᠲᠡᠬᠡᠬᠡᠳ ᠡᠮᠴᠢ ᠠᠴᠠ ᠶᠠᠰᠤ ᠵᠦᠬᠡᠯᠡᠷᠡᠬᠦ ᠡᠪᠡᠳᠴᠢᠨ ᠢ ᠵᠠᠰᠠᠬᠤ ᠬᠠᠮᠤᠭ ᠰᠠᠶᠢᠨ ᠠᠷᠭ᠎ᠠ ᠪᠤᠯ ᠬᠦᠳᠡᠭᠡ ᠮᠠᠯ ᠤᠨ ᠳᠡᠷᠬᠡᠳᠡ ᠬᠦᠷᠴᠤ ᠰᠦ ᠴᠠᠭᠠᠨ ᠢᠳᠡᠭᠡ ᠢᠳᠡ ᠬᠡᠵᠤ ᠵᠥᠪᠯᠡᠯᠭᠡ ᠦᠭᠴᠡᠢ᠃ ᠲᠡᠬᠡᠬᠡᠳ ᠡᠵᠢ ᠮᠢᠨᠢ ᠳᠠᠪᠤᠨ ᠰᠠᠷ᠎ᠠ ᠶᠢᠨ ᠠᠮᠠᠷᠠᠯᠳᠠ ᠶᠢᠨ ᠬᠤᠭᠤᠴᠠᠭᠠᠨ ᠳᠤ ᠨᠠᠮᠠᠶᠢ ᠠᠪᠴᠤ᠂ ᠮᠢᠨᠤ ᠨᠢᠬᠡ ᠲᠦᠷᠤᠯ ᠤᠨ ᠡᠬᠡᠴᠢ ᠶᠢ ᠳᠠᠭᠠᠭᠤᠯᠵᠤ ᠰᠢᠯᠢ ᠶᠢᠨ ᠬᠤᠲᠠ ᠳᠤ ᠶᠠᠪᠤᠬᠤ ᠵᠠᠮ ᠤᠨ ᠮᠠᠰᠢᠨ ᠲᠡᠷᠬᠡᠨ ᠳᠤ ᠭᠠᠷᠤᠬᠰᠠᠨ ᠶᠤᠮ ᠪᠠᠶᠢᠨ᠎ᠠ᠃ ᠲᠡᠬᠡᠬᠡᠳ ᠵᠠᠮ ᠵᠠᠭᠤᠷ᠎ᠠ ᠪᠠᠨ ᠮᠠᠰᠢᠨ ᠲᠡᠷᠬᠡᠨ ᠠᠴᠠ ᠪᠠᠨ ᠪᠠᠭᠤᠭᠠᠳ ᠨᠢᠬᠡ ᠨᠢ ᠬᠡᠤᠬᠡᠳ ᠢᠶᠠᠨ ᠡᠬᠦᠷᠴᠤ ᠨᠢᠬᠡ ᠨᠢ ᠪᠠᠭ᠎ᠠ ᠰᠠᠭ᠎ᠠ ᠶᠠᠭᠤᠮ᠎ᠠ ᠪᠠᠨ ᠡᠬᠦᠷᠤᠬᠡᠳ ᠲᠤᠩ ᠶᠠᠳᠠᠷᠠᠯ ᠵᠦᠳᠡᠷᠡᠯ ᠲᠠᠢ ᠶᠠᠪᠠᠭᠠᠨ ᠢᠶᠠᠷ ᠵᠠᠮ ᠠᠶᠠᠯᠠᠵᠤ ᠪᠠᠶᠢᠭᠠᠳ ᠨᠢᠬᠡ ᠦᠨᠳᠤᠷ ᠮᠠᠩᠬᠠᠨ ᠲᠡᠬᠡᠷ᠎ᠡ ᠭᠠᠷᠤᠭᠠᠳ ᠠᠮᠠᠷᠠᠵᠤ ᠰᠠᠭᠤᠭᠠᠳ ᠠᠵᠢᠬᠯᠠᠪᠠᠯ ᠮᠠᠩᠬᠠᠨ ᠤ ᠬᠤᠩᠬᠤᠷ ᠲᠤ ᠨᠢᠬᠡ ᠪᠤᠷᠠᠨᠳᠠᠭ ᠳᠤᠬᠤᠰᠢ ᠲᠠᠢ ᠤᠨᠤᠭᠠᠷᠠᠢ ᠶᠢᠨ ᠲᠡᠮᠡᠭᠡ ᠪᠠᠶᠢᠵᠠᠢ᠃ ᠲᠡᠷᠡ ᠲᠡᠮᠡᠭᠡ ᠶᠢ ᠪᠠᠷᠢᠵᠤ ᠤᠨᠤᠭᠠᠳ ᠳᠡᠮᠡᠢ ᠤᠳᠠᠬᠰᠠᠨ ᠦᠬᠡᠢ᠂ ᠡᠨᠡ ᠲᠡᠮᠡᠬᠡᠨ ᠤ ᠠᠴᠢ ᠪᠠᠷ ᠰᠢᠭᠤᠳ ᠮᠠᠨ ᠤ ᠠᠪᠠᠭ᠎ᠠ ᠡᠵᠢ ᠶᠢᠨ ᠳᠤ ᠤᠴᠢᠬᠰᠠᠨ ᠪᠢᠯᠡ᠃ ᠪᠢ ᠳᠡᠬᠡᠬᠡᠳ ᠬᠦᠳᠡᠭᠡ ᠠᠪᠠᠭ᠎ᠠ ᠡᠵᠢ ᠶᠢᠨ ᠳᠡᠭᠡᠨ ᠦᠯᠡᠳᠡᠵᠤ ᠨᠢᠬᠡ ᠬᠤᠭᠤᠴᠠᠭ᠎ᠠ ᠰᠦ ᠰᠠᠭᠠᠯᠢ᠂ ᠮᠢᠬ᠎ᠠ ᠱᠦᠯᠤ ᠤᠤᠭᠤᠵᠤ ᠢᠳᠡᠵᠦ ᠪᠠᠶᠢᠭᠠᠳ ᠲᠠᠮᠢᠷ ᠳᠡᠩᠬᠡ ᠤᠷᠤᠵᠤ ᠨᠡᠯᠢᠶᠡᠳ ᠰᠠᠶᠢᠨ ᠪᠤᠯᠵᠤ᠂ ᠬᠡᠷ ᠲᠡᠭᠡᠨ ᠬᠠᠷᠢᠵᠤ ᠢᠷᠡᠭᠰᠡᠨ ᠬᠡᠳᠡᠭ᠃ ᠮᠢᠨᠤ ᠠᠪᠤ ᠡᠵᠢ ᠨᠠᠮᠠᠶᠢ ᠡᠷᠬᠦᠵᠤ ᠠᠪᠤᠭᠠᠳ ᠦᠪᠡᠷ ᠤᠨ ᠲᠦᠷᠤᠭ᠍ᠰᠡᠨ ᠬᠡᠤᠬᠡᠳ ᠲᠠᠢ ᠪᠠᠨ ᠠᠳᠠᠯᠢ ᠡᠨᠡᠷᠢᠨ ᠬᠠᠶᠢᠷᠠᠯᠠᠵᠤ ᠦᠰᠬᠡᠨ ᠪᠤᠶᠢᠵᠢᠭᠤᠯᠵᠤ᠂ ᠪᠠᠭ᠎ᠠ ᠰᠤᠷᠭᠠᠭᠤᠯᠢ ᠠᠴᠠ ᠦᠨᠳᠤᠷ ᠵᠡᠷᠬᠡ ᠶᠢᠨ ᠲᠤᠮᠳᠡᠳᠤ ᠰᠤᠷᠭᠠᠭᠤᠯᠢ ᠲᠡᠬᠦᠰᠳᠡᠯ᠎ᠡ ᠰᠢᠰᠲ᠋ᠧᠮ ᠲᠠᠢ ᠰᠠᠶᠢᠬᠠᠨ ᠨᠤᠮ ᠪᠢᠴᠢᠭ ᠰᠤᠷᠭᠠᠵᠤ᠂ ᠦᠨᠳᠤᠰᠤᠨ ᠰᠤᠷᠭᠠᠨ ᠬᠦᠮᠤᠵᠢᠯ ᠢ ᠪᠦᠷᠢᠨ ᠬᠦᠢᠴᠡᠳ ᠬᠦᠷᠳᠡᠬᠡᠵᠤ᠂ ᠵᠠᠯᠭᠠᠭᠠᠳ ᠴᠠᠭ ᠦᠶ᠎ᠡ ᠵᠠᠰᠠᠭ ᠲᠦᠷᠤ ᠶᠢᠨ ᠤᠷᠢᠶᠠᠯᠠᠭ᠎ᠠ ᠪᠠᠷ ᠪᠢ ᠬᠦᠳᠡᠭᠡ ᠳᠤᠰᠬᠤᠨ ᠳᠤ ᠪᠠᠭᠤᠵᠤ᠂ ᠨᠡᠶᠢᠬᠡᠮ ᠤᠨ ᠦᠢᠯᠡᠳᠤᠯᠬᠡ ᠳᠤ ᠳᠠᠪᠳᠠᠨ ᠪᠤᠯᠪᠠᠰᠤᠷᠠᠵᠠᠢ᠃    1977 ᠤᠨ ᠳᠤ᠂ ᠦᠨᠳᠤᠷ ᠵᠡᠷᠬᠡ ᠶᠢᠨ ᠳᠤᠮᠳᠠᠳᠤ ᠰᠤᠷᠭᠠᠭᠤᠯᠢ ᠪᠠᠨ ᠳᠡᠬᠦᠰᠣᠬᠡᠳ᠂ ᠲᠦᠷᠤ ᠶᠢᠨ ᠪᠤᠳᠤᠯᠭ᠎ᠠ ᠶᠢᠨ ᠰᠠᠶᠢᠨ ᠢᠶᠠᠷ ᠰᠦᠨᠢᠳ ᠪᠠᠷᠠᠭᠤᠨ ᠬᠤᠰᠢᠭᠤᠨ ᠤ ᠰᠠᠩᠪᠤᠯᠠᠭ ᠰᠤᠮᠤᠨ ᠤ ᠪᠠᠭ᠎ᠠ ᠰᠤᠷᠭᠠᠭᠤᠯᠢ ᠳᠤ ᠪᠠᠭᠰᠢᠯᠠᠵᠤ ᠠᠵᠢᠯ ᠤᠨ ᠭᠠᠷᠤᠭ᠎ᠠ ᠪᠠᠨ ᠠᠪᠴᠤ᠂ ᠭᠤᠴᠢᠨ ᠲᠠᠪᠤᠨ ᠵᠢᠯ ᠠᠷᠠᠳ ᠤᠨ ᠪᠠᠭᠰᠢ ᠶᠢᠨ ᠠᠵᠢᠯ ᠬᠢᠵᠦ ᠪᠠᠶᠢᠭᠠᠳ ᠠᠵᠢᠯ ᠤᠨ ᠠᠮᠠᠷᠠᠯᠳᠠ ᠪᠠᠨ ᠠᠪᠴᠠᠢ᠂ ᠠᠵᠢᠯᠯᠠᠵᠤ ᠪᠠᠶᠢᠬᠤ ᠬᠤᠭᠤᠴᠠᠭᠠᠨ ᠳᠠᠭᠠᠨ ᠡᠯ᠎ᠡ ᠱᠠᠳᠤᠨ ᠤ ᠵᠤᠬᠢᠶᠠᠨ ᠪᠠᠶᠢᠭᠤᠯᠤᠯᠳᠠ᠂ ᠨᠢᠬᠡᠴᠠ ᠶᠢᠨ ︽ᠲᠡᠷᠢᠬᠦᠨ ᠤ ᠪᠠᠭᠰᠢ︾᠂ ︽ᠰᠢᠯᠢᠳᠡᠭ ᠠᠵᠢᠯᠳᠠᠨ︾ ᠢᠶᠠᠷ ᠤᠯᠠᠨᠲᠠ ᠰᠤᠩᠭᠤᠬᠳᠠᠵᠤ᠂ ᠢᠷᠠᠭᠤ ᠠᠯᠳᠠᠷ ᠢ ᠤᠯᠵᠤ᠂ ᠨᠡᠶᠢᠬᠡᠮ ᠨᠡᠶᠢᠳᠠ ᠶᠢᠨ ᠪᠢᠰᠢᠷᠡᠯ ᠬᠦᠨᠳᠤᠳᠬᠡᠯ ᠢ ᠤᠯᠤᠭᠰᠠᠭᠠᠷ ᠢᠷᠡᠵᠡᠢ᠃     ᠬᠠᠮᠳᠤ ᠰᠤᠷᠤᠬᠴᠢ᠂ ᠨᠢᠬᠡ ᠰᠤᠷᠭᠠᠭᠤᠯᠢ ᠳᠤ ᠬᠠᠮᠳᠤ ᠪᠠᠭᠰᠢᠯᠠᠵᠤ ᠪᠠᠶᠢᠭ᠎ᠠ ᠰᠢᠯᠢᠳᠡᠭ ᠵᠠᠯᠠᠭᠤ ᠪᠠᠳᠤᠪᠠᠭᠠᠳᠤᠷ  ᠲᠠᠢ ᠢᠨᠠᠬᠯᠠᠵᠤ᠂ 1981 ᠤᠨ ᠳᠤ ᠠᠶᠢᠯ ᠬᠡᠷ ᠪᠤᠯᠵᠠᠢ᠃ ᠬᠤᠷᠢᠮᠯᠠᠭᠠᠳ ᠬᠦᠤ ᠬᠡᠤᠬᠡᠨ ᠬᠤᠶᠠᠷ ᠵᠠᠶᠠᠭᠠᠪᠠ᠃ ᠬᠦᠤ ᠶᠢ ᠰᠦᠯᠳᠡ ᠬᠡᠳᠡᠭ᠂ ᠬᠡᠤᠬᠡᠨ ᠢ ᠰᠤᠪᠤᠳ ᠬᠡᠳᠡᠭ᠃ ᠬᠤᠶᠡᠷ ᠬᠡᠤᠬᠡᠳ ᠮᠢᠨᠢ ᠪᠦᠷ ᠠᠵᠢᠯ ᠠᠯᠪᠠ ᠲᠠᠢ᠂ ᠠᠶᠢᠯ ᠬᠡᠷ ᠪᠤᠯᠵᠡᠢ᠃ ᠬᠤᠶᠠᠷ ᠬᠦᠤ ᠨᠢᠬᠡ ᠬᠡᠤᠬᠡᠨ ᠭᠤᠷᠪᠠᠨ ᠤᠮᠪᠤᠯᠤ ᠲᠠᠢ᠃ ᠪᠤᠶᠠᠨᠳᠤ ᠬᠤᠶᠠᠷ ᠪᠤᠭᠤᠷᠤᠯ ᠮᠢᠨᠢ ᠪᠦᠷ ᠮᠢᠨᠤ ᠭᠠᠷ ᠲᠡᠬᠡᠷ᠎ᠡ ᠪᠠᠶᠢᠵᠤ ᠪᠠᠶᠢᠭᠠᠳ ᠵᠢᠷᠠᠨ ᠨᠠᠰᠤᠯᠠᠬᠤ ᠰᠢᠬᠠᠭᠠᠳ ᠬᠤᠶᠢᠨ᠎ᠠ ᠬᠤᠶᠢᠨ᠎ᠠ ᠠᠴᠠ ᠪᠠᠨ ᠪᠤᠷᠬᠠᠨ ᠪᠤᠯᠵᠠᠢ᠃      ᠤᠳᠤ ᠪᠢ ᠬᠠᠨᠢ ᠨᠦᠬᠦᠷ ᠲᠠᠢ ᠪᠠᠨ ᠠᠵᠢᠯ ᠤᠨ ᠠᠮᠠᠷᠠᠯᠳᠠ ᠪᠠᠨ ᠠᠪᠤᠭᠠᠳ ᠦᠷ᠎ᠡ ᠠᠴᠢᠨᠠᠷ ᠲᠠᠢ ᠪᠠᠨ ᠵᠤᠯ ᠵᠢᠷᠭᠠᠯ ᠲᠠᠢ ᠰᠠᠶᠢᠬᠠᠨ ᠠᠮᠢᠳᠤᠷᠠᠵᠤ ᠪᠠᠶᠢᠨ᠎ᠠ᠃ ᠶᠠᠭᠤᠨ ᠤ ᠤᠷᠢᠳ ᠠᠭᠤᠤ ᠶᠡᠭᠡ ᠡᠪ ᠬᠠᠮᠳᠤ ᠨᠠᠮ ᠳᠠᠭᠠᠨ ᠳᠠᠯᠠᠷᠬᠠᠳᠠᠭ᠂ ᠮᠦᠨᠴᠤ ᠨᠠᠮ᠎ᠠ ᠶᠢ ᠦᠷᠡᠴᠢᠯᠡᠨ ᠲᠡᠵᠢᠬᠡᠭᠰᠡᠨ ᠠᠪᠤ ᠡᠵᠢ ᠲᠡᠭᠡᠨ ᠲᠠᠯᠠᠷᠬᠠᠳᠠᠭ ᠶᠤᠮ︾ ᠬᠡᠵᠤ ᠶᠠᠷᠢᠯ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号