ᠨᠠᠮ ᠤᠨ ᠬᠠᠶᠢᠷ᠎ᠠ ᠬᠠᠯᠠᠮᠵᠢ ᠪᠠᠷ ᠦᠰᠦᠨ ᠪᠦᠢᠵᠢᠬᠰᠡᠨ                    ᠪᠠᠨᠽᠠᠷᠠᠬᠴᠠ ᠶᠢᠨ ᠡᠷᠳᠡᠨᠢᠪᠠᠭ᠋᠊
ᠨᠡᠶᠢᠲᠡᠯᠡᠭᠰᠡᠨ ᠴᠠᠭ᠄
2023/12/26
    ᠨᠡᠮᠡᠢᠢ ᠡᠷᠳᠡᠨᠢᠪᠡᠭᠠᠳᠣᠷ ᠬᠡᠳᠡᠭ᠃ ᠰᠢᠯᠢ ᠶᠢᠨ ᠭᠤᠣᠯ ᠠᠶᠢᠮᠠᠭ ᠤᠨ ᠰᠦᠨᠢᠳ ᠪᠠᠷᠠᠭᠤᠨ ᠬᠤᠰᠢᠭᠤᠨ ᠤ ᠡᠷᠢᠶᠡᠨᠨᠠᠭᠤᠷ ᠰᠣᠮᠣᠨ ᠤ ᠠᠮᠠᠨ᠋ᠣ᠋ᠰᠣ ᠭᠠᠴᠠᠭᠠᠨ ᠤ ᠮᠠᠯᠴᠢᠨ᠃1958 ᠣᠨ ᠤ 9 ᠰᠠᠷ᠎ᠠ ᠳᠤ ᠰᠦᠨᠢᠳ ᠪᠠᠷᠠᠭᠤᠨ ᠬᠤᠰᠢᠭᠤᠨ ᠳᠤ ᠢᠷᠡᠭᠰᠡᠨ ᠠᠩᠬᠠᠨ ᠤ ᠪᠦᠯᠦᠭ ︽ᠣᠯᠣᠰ ᠤᠨ ᠬᠡᠣᠬᠡᠳ︾ ᠤᠨ ᠨᠢᠬᠡ ᠨᠢ ᠶᠣᠮ᠃ ᠣᠣᠯ ᠤᠨ ᠵᠢᠪᠬᠤᠯᠠᠩᠳᠣ ᠨᠢᠬᠡᠳᠣᠯ ᠤᠨ ᠠᠮᠠᠨ᠋ᠣ᠋ᠰᠣ ᠪᠠᠷᠢᠭᠠᠳᠠ ᠶᠢᠨ ᠣᠣᠭᠠᠯ ᠪᠠᠨᠽᠠᠷᠬᠠᠴᠠ ᠪᠣᠯᠣᠨ ᠷᠣᠯᠵᠢᠨ ᠳᠤ ᠦᠷᠡᠴᠢᠯᠡᠭᠳᠡᠵᠣ ᠬᠦᠮᠦᠨ ᠤ ᠵᠡᠷᠬᠡ ᠳᠤ ᠬᠦᠷᠴᠣ ᠦᠷᠬᠡᠨ ᠲᠡᠮᠡᠴᠢ ᠶᠢᠨ ᠣᠳᠣᠮ ᠲᠠᠭᠠᠬᠰᠡᠨ ᠮᠠᠯᠴᠢᠨ ᠠᠶᠢᠯ ᠤᠨ ᠭᠠᠯ ᠭᠤᠯᠣᠮᠳᠠ ᠶᠢ ᠵᠠᠯᠭᠠᠵᠣ᠂ ᠬᠠᠰᠢᠷ ᠲᠣᠷᠰᠢᠯᠭ᠎ᠠ ᠲᠠᠢ ᠮᠠᠯᠴᠢᠨ ᠪᠣᠯᠵᠣ᠂ ᠨᠠᠮ ᠵᠠᠰᠠᠭ ᠤᠨ ᠬᠠᠯᠠᠮᠵᠢ ᠪᠠᠷ ᠬᠦᠮᠦᠵᠢᠭᠳᠡᠵᠣ᠂ ᠣᠳᠠᠭᠠᠨ ᠵᠢᠯ ᠭᠠᠴᠠᠭᠠᠨ ᠤ ᠨᠠᠮ᠂ ᠡᠪᠯᠡᠯ ᠤᠨ ᠡᠬᠦᠷ ᠤᠨ ᠱᠦᠵᠢ᠂ ᠡᠷᠦᠬᠡ ᠶᠢᠨ ᠴᠡᠷᠢᠭ ᠤᠨ ᠲᠡᠳ᠋ ᠲᠠᠷᠤᠭ᠎ᠠ᠂ ᠣᠯᠣᠰ ᠲᠦᠷᠦ ᠶᠢᠨ ᠵᠢᠭᠠᠨ ᠵᠢᠯᠤᠭᠤᠳᠤᠭᠴᠢ᠂ ᠨᠢᠬᠳᠠᠯᠠᠨ ᠪᠣᠳᠣᠬᠴᠢ ᠶᠢᠨ ᠠᠵᠢᠯ ᠢ ᠬᠢᠭᠰᠡᠨ ᠭᠠᠴᠠᠭᠠᠨ ᠤ ᠠᠬᠠᠮᠠᠳ ᠺᠡᠳ᠋ᠷ ᠪᠣᠯᠵᠣ ᠶᠠᠪᠣᠬᠰᠡᠨ ᠤ ᠬᠤᠪᠢ ᠳᠤ ᠨᠢᠷᠦᠭᠤ ᠬᠡᠳᠡᠬᠡᠷ ᠶᠠᠪᠣᠯ᠎ᠠ᠃     1958 ᠣᠨ ᠳᠤ ᠢᠷᠡᠭᠰᠡᠨ ︽ᠣᠯᠣᠰ ᠤᠨ ᠬᠡᠣᠬᠡᠳ︾ ᠤᠨ ᠣᠯᠠᠩᠬᠢ ᠨᠢ ᠰᠢᠮ᠎ᠠ ᠲᠡᠵᠢᠬᠡᠯ  ᠶᠡᠭᠡ ᠪᠠᠷ ᠲᠣᠳᠠᠬᠳᠠᠵᠣ ᠪᠠᠶᠢᠬᠰᠡᠨ ᠤ ᠲᠠᠬᠡᠷ᠎ᠡ ᠭᠠᠵᠠᠷ ᠣᠷᠣᠨ ᠤ ᠠᠭᠤᠷ ᠠᠮᠢᠰᠬᠤᠯ ᠳᠤ ᠵᠣᠬᠢᠴᠠᠬᠤ ᠦᠬᠡᠢ ᠠᠴᠠ ᠡᠪᠡᠳᠴᠢᠨ ᠲᠠᠬᠤᠯ ᠬᠦᠷᠬᠦ ᠨᠢ ᠠᠷᠪᠢᠨ ᠪᠠᠶᠢᠵᠣ᠂ ᠦᠬᠦᠯ ᠬᠠᠭᠠᠴᠠᠯ ᠤᠨ ᠲᠠᠪᠠᠭᠠᠨ ᠲᠡᠬᠡᠷ᠎ᠡ ᠬᠦᠷᠦᠭᠰᠡᠨ ᠬᠦᠨᠳᠣ ᠬᠡᠴᠡᠬᠦᠦ ᠪᠠᠶᠢᠳᠠᠯ ᠲᠣᠣᠷ᠎ᠠ ᠬᠤᠰᠢᠭᠤᠨ ᠠᠴᠠ ᠲᠠᠷᠣᠢ ᠲᠦᠷᠬᠡᠨ ᠠᠷᠭ᠎ᠠ ᠬᠡᠮᠵᠢᠶ᠎ᠠ ᠠᠪᠴᠣ᠂ ᠨᠢᠬᠡᠨᠳᠡ ᠠᠶᠢᠯ ᠳᠤ ᠦᠷᠡᠴᠢᠯᠡᠭᠳᠡᠭᠰᠡᠨ ᠨᠢᠬᠡ ᠬᠡᠰᠡᠭ ᠬᠡᠣᠬᠡᠳ ᠤᠳ ᠢ ᠲᠠᠬᠢᠨ ᠴᠣᠬᠯᠠᠭᠤᠯᠵᠣ᠂ ᠨᠢᠬᠡᠳᠦᠯᠲᠡᠢ ᠠᠰᠠᠷᠠᠵᠣ ᠲᠣᠳᠣᠮᠳᠠᠵᠣ ᠡᠮᠴᠢᠯᠡᠭᠡ ᠬᠢᠬᠦ ᠪᠣᠯᠣᠬᠰᠡᠨ ᠳᠤ ᠡᠷᠬᠦᠮᠡᠯ ᠡᠵᠢ ᠮᠢᠨᠢ ᠨᠡᠩ ᠰᠠᠶᠢᠨ ᠪᠣᠯᠭᠠᠬᠤ ᠶᠢᠨ ᠲᠣᠰᠠᠳᠠ᠂ ᠦᠨᠳᠦᠷ ᠰᠦᠮ᠎ᠡ ᠲᠡᠬᠡᠷ᠎ᠡ ᠰᠠᠭᠤᠵᠣ ᠨᠡᠮᠡᠢᠢ ᠬᠠᠷᠠᠭᠠᠯᠵᠠᠬᠤ ᠶᠢᠨ ᠳᠠᠭᠠᠤ ᠪᠣᠰᠣᠳ ᠲᠦᠷᠪᠡᠨ ᠬᠡᠣᠬᠡᠳ ᠢ ᠠᠰᠠᠷᠠᠨ ᠲᠡᠵᠢᠬᠡᠬᠦ ᠠᠵᠢᠯ ᠢ ᠬᠢᠵᠣ᠂ ᠵᠠᠰᠠᠭ ᠤᠨ ᠭᠠᠵᠠᠷ ᠤᠨ ᠲᠠᠷᠣᠭᠠᠰᠣ ᠶᠢ ᠬᠦᠩᠬᠡᠯᠡᠵᠣ ᠦᠭᠭᠦᠭᠰᠡᠨ ᠰᠠᠶᠢᠬᠠᠨ ᠦᠯᠢᠬᠡᠷ ᠲᠠᠢ ᠪᠢᠯᠠ᠂ ᠮᠠᠯᠴᠢᠨ ᠡᠵᠢ ᠶᠢᠨ ᠰᠦᠨ ᠴᠠᠭᠠᠨ ᠴᠠᠶᠢᠯᠭᠠᠨ ᠰᠡᠳᠬᠢᠯ ᠬᠡᠵᠣ ᠡᠶᠢᠮᠦ ᠯᠡ ᠠᠭᠤᠤ ᠶᠡᠭᠡ᠂ ᠡᠶᠢᠮᠦ ᠯᠡ ᠡᠷᠬᠢᠮ ᠲᠡᠬᠡᠳᠣ ᠶᠣᠮ ᠰᠠᠨ᠃1963 ᠣᠨ ᠳᠤ ᠪᠦᠬᠦᠯᠢ ᠲᠠᠪᠣᠨ ᠨᠠᠰᠣᠲᠡᠢ ᠰᠣᠷᠭᠠᠭᠤᠯᠢ ᠳᠤ ᠰᠠᠭᠤᠬᠰᠡᠨ ᠲᠣᠯᠠ ᠲᠣᠬᠠᠢ  ᠶᠢᠨ ᠦᠶ᠎ᠡ ᠳᠤ ᠰᠣᠷᠭᠠᠭᠤᠯᠢ ᠳᠤ ᠨᠠᠰᠣ ᠪᠠᠷ ᠬᠠᠮᠤᠭ ᠤᠨ ᠪᠠᠭ᠎ᠠ ᠪᠠᠶᠢᠬᠰᠡᠨ ᠪᠦᠬᠡᠳ ᠪᠠᠭᠰᠢ ᠶᠢᠨ ᠵᠢᠭᠠᠬᠤ ᠶᠢ ᠶᠠᠷᠣ ᠣᠬᠠᠭᠠᠨ ᠢ ᠨᠢ ᠣᠯᠳᠠᠭ ᠦᠬᠡᠢ ᠰᠣᠷᠣᠯᠭ᠎ᠠ ᠶᠢᠨ ᠬᠢᠷᠢ ᠪᠦᠲᠦᠮᠵᠢ ᠲᠣᠩ ᠮᠠᠭᠤ ᠲᠣᠯᠠ ᠵᠢᠯ ᠪᠦᠷᠢ ᠠᠩᠬᠢ ᠣᠬᠤᠷᠢᠳᠠᠭ ᠪᠠᠶᠢᠬᠰᠡᠨ ᠪᠢᠯᠡ᠂ 1966 ᠣᠨ ᠤ ᠶᠡᠭᠡ ᠭᠠᠩ ᠳᠤ ᠠᠪᠭᠠᠨᠠᠷ ᠲᠤ ᠣᠳᠣᠷ ᠶᠠᠪᠣᠭᠠᠳ 1967 ᠣᠨ ᠳᠤ ᠨᠢᠬᠡ ᠵᠢᠯ ᠰᠣᠷᠭᠠᠭᠤᠯᠢ ᠳᠤ ᠰᠠᠭᠤᠬᠰᠡᠨ ᠪᠣᠯᠪᠠᠴᠣ ᠲᠣᠬᠠᠢ ᠶᠢᠨ ᠦᠶ᠎ᠡ ᠶᠢᠨ ᠴᠠᠭ ᠦᠶ᠎ᠡ ᠶᠢᠨ ᠵᠦᠢᠯ ᠵᠦᠢᠯ ᠤᠨ ᠰᠢᠯᠳᠠᠭᠠᠨ ᠠᠴᠠ ᠪᠣᠯᠵᠣ ᠬᠢᠴᠢᠶᠡᠯ ᠲᠡᠮᠡᠢ ᠣᠷᠣᠬᠰᠡᠨ ᠦᠬᠡᠢ ᠲᠣᠯᠠ ᠰᠣᠷᠣᠬᠰᠡᠨ ᠶᠠᠭᠤᠮ᠎ᠠ ᠦᠬᠡᠢ ᠲᠠᠯᠠᠭᠠᠷ ᠪᠣᠯᠵᠡᠢ᠃ 1968 ᠣᠨ ᠳᠤ ᠣᠳᠣᠷ ᠪᠣᠴᠠᠵᠣ ᠢᠷᠡᠭᠰᠡᠨ ᠤ ᠲᠠᠷᠠᠭ᠎ᠠ 1969 ᠣᠨ ᠳᠤ ᠵᠢᠪᠬᠤᠯᠠᠩᠳᠣ ᠰᠣᠮᠣᠨ ᠤ ᠰᠣᠷᠭᠠᠭᠤᠯᠢ ᠳᠤ ᠰᠠᠭᠤᠵᠣ 1972 ᠣᠨ ᠳᠤ ᠪᠠᠭ᠎ᠠ ᠰᠣᠷᠭᠠᠭᠤᠯᠢ ᠲᠡᠭᠦᠰᠴᠣ᠂ ᠬᠦᠳᠡᠭᠡ ᠬᠡᠷ ᠲᠡᠭᠡᠨ ᠬᠠᠷᠢᠵᠣ᠂ ᠮᠡᠯᠴᠢᠨ ᠪᠣᠯᠬᠤ ᠠᠩᠬᠠᠨ ᠤ ᠵᠠᠮ ᠢᠶᠠᠨ ᠡᠯᠬᠦᠭᠰᠡᠨ ᠶᠣᠮ᠃ ᠢᠩᠬᠢᠬᠡᠳ 1977 ᠤᠨ ᠬᠦᠷᠳᠡᠯ᠎ᠡ ᠭᠠᠴᠠᠭᠠᠨ ᠤ ᠲᠡᠮᠡᠬᠡᠨ ᠰᠦᠷᠦᠭ ᠢ ᠬᠠᠷᠢᠭᠤᠯᠵᠣ ᠶᠠᠪᠣᠯ᠎ᠠ᠂ ᠵᠠᠯᠠᠭᠤ ᠽᠠᠨᠳᠠᠨ ᠨᠠᠰᠣ ᠳᠠᠭᠠᠨ ᠭᠠᠴᠠᠭᠠᠨ ᠤ ᠡᠪᠯᠡᠯ ᠤᠨ ᠡᠬᠦᠷ ᠤᠨ ᠱᠦᠵᠢ᠂ ᠨᠢᠬᠳᠠᠯᠠᠨ ᠪᠣᠳᠣᠬᠴᠢ ᠶᠢᠨ ᠠᠵᠢᠯ ᠢ ᠲᠠᠪᠬᠤᠷ ᠬᠢᠵᠣ ᠢᠷᠡᠭᠰᠡᠨ᠃ ᠭᠤᠴᠢ ᠰᠢᠬᠠᠮ ᠵᠢᠯ ᠨᠢᠬᠳᠠᠯᠠᠨ ᠪᠣᠳᠣᠬᠴᠢ ᠶᠢᠨ ᠠᠵᠢᠯ ᠬᠢᠭᠰᠡᠨ ᠪᠠᠶᠢᠨ᠎ᠠ᠃ ᠡᠬᠦᠨ ᠤ ᠳᠠᠭᠠᠤ ᠳᠤ ᠲᠠᠯᠠᠭᠠᠳ ᠣᠨ ᠠᠴᠠ ᠨᠠᠶᠠᠭᠠᠳ ᠣᠨ ᠬᠦᠷᠳᠡᠯ᠎ᠡ ᠡᠷᠦᠬᠡ ᠶᠢᠨ ᠴᠡᠷᠢᠭ ᠤᠨ ᠲᠡᠳ᠋ ᠲᠠᠷᠤᠭ᠎ᠠ᠂ ᠣᠯᠣᠰ ᠲᠦᠷᠦ ᠶᠢᠨ ᠵᠢᠭᠠᠨ ᠵᠢᠯᠣᠭᠤᠳᠣᠬᠴᠢ ᠶᠢᠨ ᠠᠵᠢᠯ ᠢ ᠬᠠᠷᠢᠭᠤᠴᠠᠵᠣ᠂ ᠦᠷᠬᠦᠯᠵᠢ ᠡᠷᠦᠬᠡ ᠶᠢᠨ ᠴᠡᠷᠢᠭ ᠤᠨ ᠪᠣᠯᠪᠠᠰᠣᠷᠠᠯ ᠳᠤ ᠣᠷᠣᠯᠴᠠᠬᠤ ᠶᠢᠨ ᠲᠠᠭᠠᠣ ᠳᠤ ᠰᠣᠮᠣ ᠭᠠᠴᠠᠭᠠᠨ ᠠᠴᠠ ᠵᠣᠬᠢᠶᠠᠨ ᠪᠠᠶᠢᠭᠤᠯᠣᠬᠰᠡᠨ ᠬᠤᠳᠲᠤᠭ ᠮᠠᠯᠳᠠᠬᠤ᠂ ᠴᠢᠯᠠᠭᠤ ᠭᠠᠷᠭᠠᠬᠤ᠂ ᠬᠤᠷᠤᠭ᠎ᠠ ᠬᠦᠷᠢᠶ᠎ᠠ ᠪᠠᠷᠢᠬᠤ ᠵᠡᠷᠬᠡ ᠬᠦᠨᠳᠣ ᠨᠦᠰᠡᠷ ᠠᠵᠢᠯ ᠳᠤ ᠣᠷᠣᠯᠴᠠᠵᠣ ᠲᠠᠪᠳᠠᠬᠳᠠᠨ ᠪᠣᠯᠪᠠᠰᠣᠷᠠᠵᠣ ᠦᠩᠬᠡ ᠬᠡᠷᠡᠯᠲᠡᠢ  ᠪᠠᠷ ᠲᠣᠮᠳᠠᠳᠣ ᠣᠯᠣᠰ ᠤᠨ ᠡᠪ ᠬᠠᠮᠳᠣ ᠨᠠᠮ ᠤᠨ ᠬᠡᠰᠢᠬᠦᠨ ᠪᠣᠯᠵᠣ᠂ 1984 ᠣᠨ ᠠᠴᠠ ᠭᠠᠴᠠᠭᠠᠨ ᠤ ᠨᠠᠮ ᠤᠨ ᠡᠬᠦᠷ ᠤᠨ ᠱᠦᠵᠢ ᠶᠢᠨ ᠲᠣᠰᠢᠶᠠᠯ ᠢ ᠬᠠᠷᠢᠭᠤᠴᠠᠵᠣ ᠢᠷᠡᠪᠡ᠃    ᠭᠠᠴᠠᠭᠠᠨ ᠤ ᠠᠵᠢᠯ ᠠᠴᠠ ᠪᠠᠨ ᠠᠮᠠᠷᠠᠯᠳᠠ ᠪᠠᠨ ᠠᠪᠣᠬᠰᠡᠨ ᠠᠴᠠ ᠬᠤᠶᠢᠰᠢ᠂ ᠮᠦᠨ ᠦᠷᠬᠦᠯᠵᠢᠯᠡᠨ ᠮᠠᠯᠵᠢᠬᠤ ᠦᠢᠯᠡᠳᠪᠦᠷᠢᠯᠡᠯ ᠤᠨ ᠠᠵᠢᠯ ᠢᠶᠠᠨ ᠰᠠᠶᠢᠳᠣᠷ ᠬᠢᠵᠣ᠂ ᠡᠷᠦᠬᠡ ᠦᠷ᠎ᠡ ᠬᠡᠣᠬᠡᠳ ᠤᠨ ᠢᠶᠠᠨ ᠲᠦᠯᠦᠬᠡ ᠣᠶᠣᠨ ᠣᠬᠠᠭᠠᠨ ᠬᠦᠴᠣ ᠴᠢᠳᠠᠯ ᠢᠶᠠᠨ ᠰᠢᠪᠬᠠᠵᠣ ᠢᠷᠡᠪᠡ᠃1981 ᠣᠨ ᠳᠤ ᠲᠦᠷᠪᠡᠳ ᠬᠤᠰᠢᠭᠤᠨ ᠤ ᠪᠣᠮ ᠭᠡᠭᠴᠢ ᠬᠡᠣᠬᠡᠨ ᠲᠠᠢ ᠬᠤᠷᠢᠮᠯᠠᠵᠣ᠂ ᠠᠶᠢᠯ ᠡᠷᠦᠬᠡ ᠪᠣᠰᠬᠠᠵᠣ᠂ ᠠᠵᠣ ᠠᠮᠢᠳᠣᠷᠠᠯ ᠢᠶᠠᠨ ᠦᠬᠡᠳᠡ ᠲᠠᠳᠠᠵᠣ ᠶᠠᠪᠣᠯ᠎ᠠ᠃ 1983 ᠣᠨ ᠳᠤ ᠮᠠᠯ ᠰᠦᠷᠦᠭ ᠢ ᠡᠷᠦᠬᠡ ᠳᠤ ᠲᠠᠭᠠᠭᠠᠴᠢᠯᠠᠭᠤᠯᠬᠤ ᠳᠤ 39 ᠪᠣᠭ᠂ ᠦᠬᠡᠷ ᠲᠡᠮᠡᠭᠡ ᠲᠣᠰ ᠪᠦᠷᠢ 7᠂ ᠠᠳᠣᠭᠤ4 ᠶᠢ ᠬᠤᠪᠢᠳᠠᠨ ᠠᠪᠴᠣ᠂ ᠬᠡᠳᠣᠨ ᠵᠢᠯ ᠤᠨ ᠴᠢᠷᠮᠡᠶᠢᠯᠠᠭ᠎ᠠ ᠪᠠᠷ ᠮᠠᠯ ᠰᠦᠷᠦᠭ ᠢᠶᠠᠨ ᠦᠰᠬᠡᠬᠡᠳ 400 ᠰᠢᠬᠠᠮ ᠪᠣᠭ᠂ 40 ᠭᠠᠷᠣᠢ ᠪᠣᠳᠠ ᠮᠠᠯ ᠲᠠᠢ ᠪᠣᠯᠵᠣ᠂ ᠠᠮᠢᠳᠣᠷᠠᠯ ᠠᠬᠤᠢ ᠮᠢᠨᠢ ᠶᠠᠭ ᠲᠡᠭᠵᠢᠷᠠᠨ ᠰᠠᠶᠢᠵᠢᠷᠠᠵᠣ ᠪᠠᠶᠢᠬᠤ ᠳᠤ ᠪᠠᠶᠢᠭᠠᠯᠢ ᠶᠢᠨ ᠭᠠᠮᠰᠢᠭ᠂ ᠡᠪᠡᠳᠴᠢᠨ ᠡᠮᠬᠡᠭ ᠲᠠᠪᠬᠤᠴᠠᠨ᠂ ᠠᠮᠢᠳᠣᠷᠠᠯ ᠳᠤ ᠮᠢᠨᠢ ᠪᠠᠭ᠎ᠠ ᠪᠣᠰᠣ ᠬᠦᠴᠢᠷᠳᠡᠯ ᠢ ᠠᠪᠴᠢᠷᠠᠵᠣ ᠦᠭᠭᠦᠭᠰᠡᠨ ᠪᠢᠯᠡ ᠃ 1987 ᠣᠨ ᠳᠤ ᠬᠡᠷ ᠭᠠᠳᠠᠨ᠎ᠠ ᠶᠢᠨ ᠠᠵᠢᠯ ᠳᠤ ᠪᠣᠷᠪᠢ ᠨᠣᠭᠤᠷᠠᠯ ᠦᠬᠡᠢ ᠶᠠᠭᠠᠷᠠᠵᠣ ᠵᠢᠳᠬᠦᠳᠡᠭ ᠪᠦᠰᠡᠬᠦᠢ ᠮᠢᠨᠢ ᠡᠪᠡᠳᠴᠢᠨ ᠢᠶᠠᠷ ᠨᠠᠰᠣ ᠪᠠᠷᠠᠵᠣ᠂ ᠠᠮᠢᠳᠣᠷᠠᠯ ᠪᠡ ᠣᠶᠣᠨ ᠰᠠᠨᠠᠭᠠᠨ ᠤ ᠲᠠᠯ᠎ᠠ ᠪᠠᠷ ᠨᠢᠬᠡ ᠣᠳᠠᠭᠠᠨ ᠤ ᠬᠦᠨᠳᠣ ᠴᠣᠬᠢᠯᠳᠠ ᠳᠤ ᠣᠴᠠᠷᠠᠯ᠎ᠠ᠃     1988 ᠣᠨ ᠳᠤ ᠲᠠᠬᠢᠨ ᠭᠠᠴᠠᠭᠠᠨ ᠤ ᠰᠣᠶᠣᠯ᠎ᠠ ᠬᠡᠳᠡᠭ ᠬᠡᠣᠬᠡᠨ ᠲᠠᠢ ᠬᠤᠷᠢᠮᠯᠠᠵᠣ᠂ ᠲᠡᠭᠷᠢ᠂ ᠰᠠᠷᠠᠨᠬᠦᠦ ᠬᠡᠭᠴᠢ ᠬᠤᠶᠠᠷ ᠬᠦᠦ ᠲᠠᠢ ᠪᠤᠯᠤᠭᠰᠠᠨ ᠪᠢᠯᠡ᠃     ᠣᠳᠣ ᠦᠪᠡᠷ ᠤᠨ ᠨᠣᠳᠤᠭ ᠪᠡᠯᠴᠢᠬᠡᠷ ᠲᠡᠬᠡᠷ᠎ᠡ ᠪᠠᠨ 100 ᠭᠠᠷᠦᠢ ᠮᠠᠯ ᠢᠶᠠᠨ ᠮᠠᠯᠵᠢᠵᠣ ᠪᠠᠶᠢᠨ᠎ᠠ᠃ ᠨᠠᠮ ᠵᠠᠰᠠᠭ ᠠᠷᠠᠳ ᠲᠦᠮᠡᠨ ᠤ ᠬᠠᠶᠢᠷ᠎ᠠ᠂ ᠠᠴᠢᠳᠣ ᠮᠣᠩᠭᠤᠯ ᠠᠪᠤ ᠡᠵᠢ ᠶᠢᠨ ᠬᠠᠶᠢᠷ᠎ᠠ ᠬᠠᠯᠠᠮᠵᠢ᠂ ᠡᠨᠡᠷᠢᠯ ᠢᠪᠡᠬᠡᠯ  ᠢᠶᠠᠷ ᠦᠰᠦᠨ ᠪᠣᠶᠢᠵᠢᠵᠣ᠂ ᠪᠣᠰᠣᠳ ᠲᠠᠢ ᠮᠦᠷᠦ ᠵᠡᠷᠬᠡᠴᠡᠨ ᠨᠢᠬᠡ ᠨᠠᠰᠣᠨ ᠤ ᠠᠮᠢᠳᠣᠷᠠᠯ ᠤᠨ ᠠᠶᠠᠨ ᠢ ᠲᠣᠭᠤᠯᠬᠤ ᠬᠡᠭᠴᠢ ᠲᠡᠶᠢᠮᠦ ᠬᠢᠯᠪᠡᠷ ᠪᠣᠰᠣ ᠲᠣᠯᠠ ᠬᠡᠵᠢᠶᠡᠳᠡ ᠠᠴᠢᠳᠠᠨ ᠨᠠᠷ ᠤᠨ ᠢᠶᠠᠨ ᠬᠠᠶᠢᠷ᠎ᠠ ᠬᠠᠯᠠᠮᠵᠢ ᠶᠢ ᠪᠠᠳᠣ ᠴᠡᠬᠡᠵᠢᠯᠠᠵᠣ ᠶᠠᠪᠣᠳᠠᠭ ᠪᠢᠯᠡ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号