ᠵᠠᠯᠠᠭᠤ ᠬᠠᠷᠠᠭᠳᠠᠳᠠᠭ ᠬᠥᠮᠥᠰ ᠡᠶᠢᠮᠦ 4 ᠵᠠᠩᠰᠢᠯ ᠲᠠᠢ
ᠨᠡᠶᠢᠲᠡᠯᠡᠭᠰᠡᠨ ᠴᠠᠭ᠄
2023/12/26
          ᠨᠢᠬᠡ᠂ ᠨᠣᠮ ᠢᠯᠡᠭᠦᠬᠡᠨ ᠤᠩᠰᠢ᠃ ᠵᠠᠯᠠᠭᠤᠬᠠᠨ ᠢᠶᠠᠷ ᠢᠶᠠᠨ ᠪᠠᠶᠢᠬᠤ ᠳᠤ ᠬᠡᠪ ᠨᠠᠮᠪᠠ ᠪᠠᠨ ᠠᠩᠬᠠᠷᠬᠤ ᠠᠴᠠ ᠭᠠᠳᠠᠨ᠎ᠠ ᠨᠣᠮ ᠢᠯᠡᠭᠦᠬᠡᠨ ᠤᠩᠰᠢᠪᠠᠯ ᠬᠥᠮᠥᠨ ᠤ ᠰᠡᠳᠬᠢᠯ ᠤᠯᠠᠮ ᠰᠠᠢᠬᠠᠨ ᠪᠣᠯᠳᠠᠭ᠃ ᠦᠷᠭᠦᠯᠵᠢ  ᠨᠣᠮ  ᠣᠩᠰᠢᠬᠤ   ᠨᠢ  ᠰᠡᠳᠬᠢᠯ ᠰᠠᠨᠠᠭ᠎ᠠ ᠶᠢ ᠲᠠᠶᠢᠪᠤᠰᠢᠷᠠᠭᠤᠯᠵᠤ᠂ ᠤᠶᠤᠨ ᠤᠬᠠᠭᠠᠨ ᠢ ᠲᠡᠯᠡᠳᠡᠭ᠃ ᠨᠢᠭᠡ ᠳᠡᠪᠲᠡᠷ ᠨᠣᠮ ᠤᠩᠰᠢᠬᠤ   ᠨᠢ  ᠨᠢᠭᠡ  ᠤᠳᠠᠭᠠᠨ ᠤ ᠣᠶᠣᠨ ᠰᠠᠨᠠᠭᠠᠨ ᠤ ᠠᠶᠠᠯᠠᠯ ᠬᠢᠭᠰᠡᠨ ᠲᠠᠢ ᠠᠳᠠᠯᠢᠬᠠᠨ ᠪᠢᠯᠡ᠃                                     ᠬᠤᠶᠠᠷ᠂ ᠠᠵᠢᠯᠯᠠᠵᠤ ᠠᠮᠠᠷᠠᠬᠤ ᠪᠠᠨ ᠵᠤᠬᠢᠴᠠᠭᠤᠯᠵᠦ ᠪᠠᠢ᠃ ᠠᠵᠢᠯᠯᠠᠵᠤ ᠠᠮᠠᠷᠠᠬᠤ  ᠡᠮᠬᠢ  ᠳᠢᠭᠯᠢᠮ ᠢᠶᠠᠨ  ᠠᠯᠳᠠᠪᠠᠯ ᠪᠡᠶ᠎ᠡ ᠰᠡᠳᠬᠢᠯ ᠬᠦᠨᠳᠦ ᠨᠣᠴᠢᠲᠠᠢ ᠨᠥᠯᠥᠭᠡᠯᠡᠭᠳᠡᠨ᠎ᠡ᠃ ᠶᠠᠭᠠᠷᠠᠤ ᠴᠠᠭ ᠲᠤ ᠳᠦᠷ ᠴᠦ ᠬᠡᠰᠡᠨ ᠴᠠᠭ  ᠵᠠᠪ  ᠭᠠᠷᠭᠠᠨ  ᠵᠤᠬᠢᠰᠳᠠᠢ ᠰᠠᠶᠢᠬᠠᠨ ᠠᠮᠠᠷᠠᠬᠤ ᠭᠡᠷᠡᠭᠳᠡᠢ᠃                                     ᠭᠤᠷᠪᠠ᠂ ᠰᠠᠨᠠᠭ᠎ᠠ ᠨᠡᠶᠢᠯᠡᠳᠡᠭ ᠬᠦᠮᠦᠨ ᠲᠠᠢ ᠨᠥᠬᠦᠷᠯᠡᠵᠦ  ᠶᠠᠪᠤ᠃  ᠡᠪ  ᠰᠠᠨᠠᠭ᠎ᠠ  ᠨᠢᠭᠡᠲᠡᠢ᠂  ᠪᠡᠶ᠎ᠡ ᠪᠡᠶ᠎ᠡ ᠪᠠᠨ ᠣᠶᠢᠯᠠᠭᠠᠵᠤ᠂ ᠬᠠᠮᠳᠦ ᠪᠠᠷ ᠳᠠᠪᠰᠢᠨ ᠤᠷᠤᠭᠰᠢᠯᠠᠳᠠᠭ ᠨᠠᠶᠢᠵᠠ  ᠨᠥᠬᠦᠳ ᠢᠶᠠᠨ  ᠨᠠᠨᠳᠢᠩᠨᠠᠵᠤ  ᠶᠠᠪᠤᠭᠠᠷᠠᠢ᠃  ᠡᠶᠢᠮᠦ  ᠬᠥᠮᠥᠰ ᠲᠠᠨ ᠤ ᠠᠮᠵᠢᠯᠲᠠ ᠶᠢᠨ ᠡᠮᠦᠨ᠎ᠡ ᠠᠴᠠ ᠪᠠᠶᠠᠷᠯᠠᠵᠦ᠂ ᠵᠣᠪᠠᠯᠠᠩ ᠭᠤᠨᠢᠭ ᠢ ᠴᠢᠨᠢ ᠬᠤᠪᠢᠶᠠᠯᠴᠠᠵᠤ᠂  ᠰᠠᠨᠠᠭ᠎ᠠ  ᠰᠡᠳᠬᠢᠯ ᠢ  ᠴᠢᠨᠢ ᠲᠠᠶᠢᠳᠬᠤᠷᠠᠭᠤᠯᠵᠤ ᠴᠢᠳᠠᠨ᠎ᠠ᠃                                   ᠳᠦᠷᠪᠡ᠂ ᠰᠠᠨᠠᠭᠰᠠᠨ ᠬᠦᠰᠡᠭᠰᠡᠨ ᠢᠶᠠᠨ ᠪᠡᠶᠡᠯᠡᠬᠦᠯᠵᠦ ᠪᠠᠢ᠃ ᠶᠠᠮᠠᠷᠴᠦ ᠶᠠᠪᠤᠳᠠᠯ ᠳᠤ ᠬᠤᠭᠤᠰᠣᠨ ᠦᠭᠡ ᠶᠠᠷᠢᠵᠤ ᠵᠦᠭᠡᠷ ᠰᠠᠭᠤᠭᠠᠳ ᠪᠠᠶᠢᠪᠠᠯ ᠪᠡᠶᠡᠯᠡᠵᠦ ᠪᠦᠲᠦᠬᠦ ᠵᠦᠢᠯ ᠭᠡᠵᠤ ᠪᠠᠶᠢᠬᠤ ᠦᠭᠡᠢ  ᠶᠤᠮ᠃  ᠵᠠᠯᠠᠭᠤ  ᠨᠠᠰᠦ  ᠦᠩᠭᠡᠷᠡᠯ᠎ᠡ  ᠬᠡᠵᠦ ᠭᠠᠰᠠᠯᠵᠦ ᠰᠠᠭᠤᠬᠤ ᠶᠢᠨ ᠣᠷᠣᠨ ᠳᠤ ᠵᠠᠪᠳᠣᠵᠦ ᠬᠢᠵᠦ ᠪᠦᠲᠦᠭᠡᠵᠦ ᠪᠠᠶᠢᠬᠤ ᠨᠢ ᠬᠤᠯᠠ ᠳᠡᠭᠡᠷ᠎ᠡ ᠰᠢᠦ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号