ᠰᠢᠨ᠎ᠡ ᠱᠦᠵᠢ ᠶᠢᠨ ᠰᠢᠨᠳᠠᠷᠠᠰᠢ ᠦᠬᠡᠢ ᠵᠢᠳᠬᠦᠯ
ᠨᠡᠶᠢᠲᠡᠯᠡᠭᠰᠡᠨ ᠴᠠᠭ᠄
2021/2/26
     ᠴᠠᠭᠠᠨ ᠰᠠᠷ᠎ᠠ ᠶᠢᠨ ᠪᠠᠶᠠᠷᠳᠤ ᠠᠭᠤᠷ ᠠᠮᠢᠰᠬᠤᠯ ᠮᠦᠨ ᠯᠡ ᠦᠷᠬᠦᠯᠵᠢᠯᠡᠵᠦ ᠪᠠᠶᠢᠭᠰᠠᠨ ᠴᠦ᠂  ᠥᠷᠭᠡᠨᠲᠠᠯ᠎ᠠ ᠪᠠᠯᠭᠠᠰᠤᠨ ᠤ ᠨᠠᠷᠠᠨᠪᠤᠯᠠᠭ ᠭᠠᠴᠠᠭᠠᠨ ᠤ ᠨᠠᠮ ᠤᠨ ᠡᠭᠦᠷ ᠤᠨ ᠱᠦᠵᠢ ᠪᠠᠷ ᠰᠠᠶ᠋ᠢᠬᠠᠨ ᠳᠤᠮᠢᠯᠠᠭᠳᠠᠭᠰᠠᠨ ᠬᠠᠰᠡᠷᠳᠡᠨᠢ ᠶᠢᠨ ᠬᠤᠪᠢ ᠳᠤ ᠠᠵᠢᠯ ᠤᠨ ᠡᠭᠦᠷᠭᠡ ᠬᠦᠨᠳᠦ ᠪᠠᠶᠢᠵᠤ᠂ ᠠᠯᠢ ᠭᠡᠳᠦᠶᠢᠨ ᠠᠶᠢᠯ ᠡᠷᠦᠬᠡ ᠪᠠᠷ ᠬᠦᠨᠵᠡᠭᠡᠶᠢᠷᠡᠨ᠂ ᠮᠠᠯᠴᠢᠨ ᠲᠦᠮᠡᠨ ᠲᠠᠢ ᠪᠠᠨ ᠳᠠᠨᠢᠯᠴᠠᠨ᠂ ᠪᠠᠶᠢᠳᠠᠯ ᠤᠶᠢᠯᠠᠭᠠᠬᠤ ᠠᠵᠢᠯ ᠳᠤ ᠪᠠᠨ ᠤᠷᠤᠭᠰᠠᠨ ᠪᠠᠶᠢᠯ᠎ᠠ᠃
     ︽ᠰᠢᠨ᠎ᠡ ᠨᠢᠭᠡᠨ ᠵᠢᠯ ᠳᠤ ᠪᠢ ᠣᠯᠠᠨ ᠲᠠᠢ ᠪᠠᠨ ᠬᠠᠮᠳᠤᠪᠡᠷ ᠰᠢᠨ᠎ᠡ ᠵᠠᠮ ᠢᠶᠠᠷ ᠤᠷᠤᠭᠰᠢᠯᠠᠨ᠎ᠠ︾ ᠭᠡᠮᠡᠨ ᠵᠤᠷᠢᠭ ᠰᠢᠭᠤᠳᠤᠭᠰᠠᠨ ᠬᠠᠰᠡᠷᠳᠡᠨᠢ ᠭᠠᠴᠠᠭᠠᠨ ᠤ ᠪᠠᠨ ᠠᠶᠢᠯ ᠡᠷᠦᠬᠡ ᠪᠠᠷ ᠬᠦᠷᠴᠦ᠂ ᠰᠠᠷ᠎ᠠ ᠰᠢᠨ᠎ᠡ ᠶᠢᠨ ᠵᠤᠯᠭᠠᠯᠳᠠ  ᠬᠢᠬᠦ ᠶᠢᠨ ᠳᠠᠭᠠᠤ᠂ ᠮᠠᠯᠴᠢᠳ ᠤᠨ ᠬᠡᠷᠡᠭᠴᠡᠭᠡ ᠱᠠᠭᠠᠷᠳᠠᠯᠭ᠎ᠠ᠂ ᠠᠰᠠᠭᠤᠳᠠᠯ ᠬᠦᠴᠢᠷᠳᠡᠯ ᠢ ᠨᠢ ᠤᠶᠢᠯᠠᠭᠠᠯ᠎ᠠ᠃  ᠲᠡᠷᠡ ᠰᠤᠷᠪᠤᠯᠵᠢᠯᠠᠭᠴᠢ ᠳᠤ᠂ ︽ᠲᠤᠰᠢᠶᠠᠯ ᠳᠤ ᠭᠠᠷᠤᠭᠰᠠᠨ ᠤ ᠳᠠᠷᠠᠭᠠᠬᠢ ᠨᠢᠭᠡᠳᠦᠭᠡᠷ ᠠᠯᠬᠤᠮ ᠪᠣᠯ ᠳᠠᠷᠤᠶ ᠰᠠᠶᠢᠨ ᠰᠣᠨᠣᠰᠤᠭᠴᠢ ᠪᠣᠯᠬᠤ ᠶᠠᠪᠤᠳᠠᠯ ᠪᠣᠯᠤᠨ᠎ᠠ︾ ᠭᠡᠵᠦ ᠰᠠᠷᠠᠭᠤᠯ ᠢᠷᠡᠭᠡᠳᠦᠢ ᠳᠤ ᠪᠠᠨ ᠢᠳᠡᠭᠡᠯ ᠲᠦᠭᠦᠷᠡᠩ ᠶᠠᠷᠢᠨ᠎ᠠ᠃
     ᠡᠨᠡ ᠬᠡᠳᠦᠨ ᠡᠳᠦᠷ᠂ ᠨᠠᠷᠠᠨᠪᠤᠯᠠᠭ ᠭᠠᠴᠠᠭᠠᠨ ᠤ ᠮᠠᠯᠴᠢᠨ ᠠᠯᠳᠠᠨᠳᠤᠯᠭᠠᠭᠤᠷᠢ ᠶᠢᠨ ᠬᠢᠨ ᠤ ᠮᠠᠯ ᠲᠦᠯᠯᠡᠵᠦ ᠡᠬᠢᠯᠡᠨ᠂ ᠠᠮᠢᠯᠠᠯ ᠤᠨ ᠪᠡᠯᠭᠡᠳᠦ ᠬᠠᠪᠤᠷ ᠢᠶᠠᠷ ᠬᠠᠩᠭᠢᠨᠠᠬᠤ ᠲᠦᠯ ᠤᠨ ᠮᠠᠶᠢᠯᠠᠭᠠᠨ᠂ ᠮᠠᠯ ᠰᠦᠷᠦᠭ ᠦᠨᠢᠷ ᠦᠰᠬᠦ  ᠶᠢᠨ ᠪᠡᠯᠭᠡᠳᠡᠯ ᠪᠤᠯᠤᠭᠰᠠᠨ ᠢᠬᠢᠷ᠎ᠡ ᠢᠵᠢᠯᠢ ᠲᠦᠯ ᠤᠳ ᠮᠠᠯᠴᠢᠨ ᠡᠵᠡᠨ ᠢᠶᠠᠨ ᠪᠠᠶᠠᠰᠬᠠᠨ᠎ᠠ᠃ ᠮᠠᠯᠴᠢᠨ ᠠᠶᠢᠯ ᠳᠤ ᠰᠢᠨ᠎ᠡ ᠶᠢᠨ ᠬᠡᠶᠢᠴᠢᠨ ᠰᠢᠭ ᠵᠤᠴᠢᠯᠠᠭᠤᠯᠵᠤ ᠰᠠᠭᠤᠬᠤ ᠶᠢᠨ ᠤᠷᠤᠨ ᠳᠤ ᠬᠠᠰᠡᠷᠳᠡᠨᠢ ᠬᠤᠷᠤᠭ᠎ᠠ ᠬᠠᠰᠢᠶ᠎ᠠ᠂ ᠮᠤᠷᠢᠨ ᠱᠤᠩ ᠢᠶᠠᠷ ᠤᠴᠢᠨ ᠮᠠᠯᠴᠢᠳ ᠤᠨ ᠢᠶᠠᠨ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ᠂ ᠡᠪᠡᠰᠦ ᠪᠤᠷᠳᠤᠭᠠᠨ ᠤ ᠨᠦᠭᠡᠴᠡ ᠵᠡᠷᠭᠡ ᠪᠠᠶᠢᠳᠠᠯ ᠢ ᠤᠶᠢᠯᠠᠭᠠᠨ᠂ ︽ᠬᠦᠴᠢᠷᠳᠡᠯ ᠪᠠ ᠬᠡᠷᠡᠭᠴᠡᠭᠡ ᠪᠠᠶᠢᠪᠠᠯ ᠡᠷᠡᠭᠡᠯᠡᠯ ᠦᠬᠡᠢ ᠳᠤᠷᠠᠳᠤᠭᠠᠷᠠᠢ᠂ ᠭᠠᠴᠠᠭᠠᠨ ᠤ ᠬᠤᠶᠠᠷ ᠵᠥᠪᠯᠡᠯ ᠴᠢᠳᠠᠯ ᠤᠨ ᠬᠢᠷᠢ ᠪᠠᠷ ᠢᠶᠠᠨ ᠣᠯᠠᠨ ᠳᠤ ᠰᠢᠶᠳᠪᠦᠷᠢᠯᠡᠵᠦ ᠥᠭᠬᠦ ᠶᠤᠮ︾ ᠭᠡᠵᠦ ᠬᠦᠷᠦᠭᠰᠡᠨ ᠠᠶᠢᠯ ᠪᠤᠯᠭᠠᠨ ᠳᠤ ᠪᠠᠨ ᠵᠠᠬᠢᠵᠤ ᠯᠡ ᠶᠠᠪᠤᠨ᠎ᠠ᠃
     ᠮᠠᠯᠴᠢᠨ ᠠᠯᠳᠠᠨᠳᠤᠯᠭᠠᠭᠤᠷᠢ  ᠄ ︽ᠰᠢᠨ᠎ᠡ ᠱᠦᠵᠢ ᠢᠷᠡᠵᠡᠢ᠂ ᠲᠡᠭᠦᠨ ᠤ ᠳᠠᠭᠠᠭᠤᠯᠭ᠎ᠠ ᠳᠣᠤᠷ᠎ᠠ᠂ ᠮᠠᠯᠴᠢᠳ  ᠤᠨ ᠦᠶᠯᠡᠳᠪᠦᠷᠢᠯᠡᠯ ᠠᠮᠢᠳᠤᠷᠠᠯ ᠳᠤ ᠰᠢᠨ᠎ᠡ ᠬᠤᠪᠢᠷᠠᠯᠲᠠ ᠭᠠᠷᠴᠤ᠂ ᠠᠮᠢᠳᠤᠷᠠᠯ ᠤᠯᠠᠮ ᠠᠴᠠ ᠤᠯᠠᠮ ᠰᠠᠶᠢᠵᠢᠷᠠᠬᠤ  ᠶᠢ ᠬᠦᠰᠡᠵᠦ ᠪᠠᠶᠢᠨ᠎ᠠ  ᠃  ︾
     ᠰᠤᠷᠤᠯᠴᠠᠯᠭ᠎ᠠ ᠶᠢ ᠰᠠᠶᠢᠲᠤᠷ ᠠᠳᠬᠤᠨ᠂ ᠮᠠᠯᠴᠢᠨ ᠤᠯᠠᠨ ᠤ ᠦᠵᠡᠯ ᠤᠬᠠᠮᠰᠠᠷ᠂ ᠶᠡᠷᠦ ᠶᠢᠨ ᠮᠡᠳᠡᠯᠭᠡ ᠶᠢ ᠳᠡᠭᠡᠭᠰᠢᠯᠡᠬᠦᠯᠬᠦ ᠶᠢᠨ ᠲᠦᠯᠦᠭᠡ ᠬᠠᠰᠡᠷᠳᠡᠨᠢ ᠪᠠᠰᠠ ᠮᠠᠯᠴᠢᠨ ᠨᠠᠮ ᠤᠨ ᠭᠡᠰᠢᠭᠦᠨ ᠤ ᠭᠡᠷ ᠲᠤ ᠬᠦᠷᠴᠦ ᠰᠤᠷᠤᠯᠴᠠᠯᠭ᠎ᠠ ᠦᠷᠨᠢᠬᠦᠯᠦᠨ᠂ ᠮᠠᠯ ᠠᠵᠤ ᠠᠬᠤᠢ᠂ ᠦᠢᠯᠡᠳᠪᠦᠷᠢᠯᠡᠯ ᠠᠮᠢᠳᠤᠷᠠᠯ᠂ ᠳᠦᠷᠦᠯ ᠵᠦᠢᠯ᠂ ᠬᠥᠭᠵᠢᠯᠲᠡ  ᠵᠡᠷᠭᠡ ᠮᠠᠯᠴᠢᠳ ᠤᠨ ᠠᠮᠢᠳᠤᠷᠠᠯ ᠳᠤ ᠬᠤᠯᠪᠤᠭᠳᠠᠬᠤ ᠤᠯᠠᠨ ᠳᠠᠯ᠎ᠠ ᠪᠠᠷ ᠶᠠᠷᠢᠯᠴᠠᠭ᠎ᠠ ᠦᠷᠨᠢᠬᠦᠯᠦᠨ᠂ ᠮᠠᠯᠴᠢᠳ ᠤᠨ ᠰᠠᠨᠠᠭ᠎ᠠ ᠪᠤᠳᠤᠯ ᠢ ᠤᠶᠢᠯᠠᠭᠠᠨ᠂ ᠠᠷᠭ᠎ᠠ ᠤᠬᠠᠭᠠᠨ᠂ ᠰᠠᠨᠠᠭᠤᠯᠤᠮᠵᠢ ᠵᠦᠪᠯᠡᠮᠵᠢ ᠦᠭᠭᠦᠯ᠎ᠡ᠃
     ᠨᠠᠷᠠᠨᠪᠤᠯᠠᠭ ᠭᠠᠴᠠᠭᠠᠨ ᠤ ᠨᠠᠮ ᠤᠨ ᠡᠭᠦᠷ ᠤᠨ ᠱᠦᠵᠢ  ᠬᠠᠰᠡᠷᠳᠡᠨᠢ  ᠄ ︽ᠡᠨᠡ ᠠᠵᠢᠯ ᠨᠠᠳᠠ ᠳᠤ ᠠᠪᠴᠤ ᠬᠡᠯᠡᠪᠡᠯ ᠰᠢᠨ᠎ᠡ ᠥᠷᠢᠰᠥᠯᠳᠦᠭᠡᠨ ᠪᠣᠯᠤᠨ᠎ᠠ᠂ ᠬᠠᠷᠢᠭᠤᠴᠠᠯᠭ᠎ᠠ ᠪᠣᠯᠤᠨ ᠳᠠᠷᠤᠭᠠᠰᠤ ᠪᠦᠷ ᠶᠡᠭᠡ ᠪᠡᠶᠢᠨ᠎ᠡ᠃ ᠭᠡᠪᠡᠴᠦ ᠪᠢ ᠰᠠᠶᠢᠲᠤᠷ ᠬᠢᠵᠦ ᠴᠢᠳᠠᠨ᠎ᠠ ᠭᠡᠳᠡᠭ ᠲᠤ ᠪᠠᠨ ᠢᠲᠡᠭᠡᠵᠦ ᠪᠠᠶᠢᠨ᠎ᠠ᠂ ᠢᠷᠡᠭᠡᠳᠦᠶ ᠶᠢᠨ ᠬᠡᠳᠦᠨ ᠵᠢᠯ ᠳᠤ ᠪᠢ ᠮᠠᠯᠴᠢᠳ ᠤᠨ ᠢᠶᠠᠨ ᠰᠡᠳᠬᠢᠯ ᠤᠨ ᠨᠠᠶᠢᠵᠠ᠂ ᠰᠠᠳᠤᠨ ᠲᠥᠷᠥᠯ ᠨᠢ ᠪᠣᠯᠵᠣ᠂ ᠪᠣᠳᠠᠲᠤ ᠠᠵᠢᠯᠯᠠᠭ᠎ᠠ ᠪᠠᠷ ᠢᠶᠠᠨ ᠲᠡᠳᠡᠨ ᠤ ᠠᠮᠢᠳᠤᠷᠠᠯ ᠢ ᠠᠳᠠᠯᠢ ᠪᠤᠰᠤ ᠬᠤᠪᠢᠷᠠᠯᠲᠠ ᠲᠠᠢ ᠪᠣᠯᠭᠠᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠠᠮ ᠳᠡᠭᠡᠷ᠎ᠡ ᠭᠠᠴᠠᠭ᠎ᠠ ᠪᠠᠨ ᠭᠤᠶᠣᠵᠢᠭᠤᠯᠵᠤ ᠮᠠᠯᠴᠢᠳ ᠢᠶᠠᠨ ᠪᠠᠶᠠᠵᠢᠭᠤᠯᠬᠤ ᠶᠢ ᠬᠦᠰᠡᠵᠦ ᠪᠠᠶᠢᠨ᠎ᠠ ︾ ᠭᠡᠯ᠎ᠡ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号