ᠡᠬᠡ ᠪᠢᠴᠢᠭ᠄ ᠰᠡᠷᠭᠦᠯᠡᠩ ᠵᠢᠷᠤᠭ᠄ ᠪᠤᠯᠤᠷᠮ᠎ᠠ | ᠰᠠᠶᠢᠬᠠᠠᠦ᠋ᠯᠵᠡᠢ ᠰᠤᠮᠤᠨ ᠤ ᠨᠤᠭᠤᠭᠠᠨᠳᠠᠯ᠎ᠠ ᠭᠠᠴᠠᠭᠠᠨ ᠤ ᠡᠪᠡᠰᠦ ᠪᠣᠷᠳᠤᠭ᠎ᠠ ᠨᠥᠭᠡᠴᠡᠯᠡᠬᠦ ᠰᠠᠭᠤᠷᠢᠨ | ᠭᠠᠵᠠᠷ ᠲᠤ᠂ ᠬᠥᠮᠦᠰ ᠡᠪᠡᠰᠦ ᠲᠡᠭᠡᠭᠡᠭᠰᠡᠨ ᠲᠤᠮᠤ ᠠᠴᠢᠶᠠᠨ ᠤ ᠮᠠᠰᠢᠨ ᠠᠴᠠ ᠪᠣᠭᠤᠯᠲᠠ ᠲᠠᠢ ᠡᠪᠡᠰᠦ | ᠪᠠᠭᠤᠯᠭᠠᠬᠤ᠂ ᠮᠠᠯᠴᠢᠳ ᠤᠨ ᠵᠢᠵᠢᠭ ᠠᠴᠢᠶᠠᠨ ᠤ ᠲᠡᠷᠬᠡᠨ ᠳᠤ ᠠᠴᠢᠬᠤ ᠵᠡᠷᠭᠡ ᠠᠵᠢᠯ ᠳᠤ ᠶᠠᠭᠠᠷᠠᠯᠳᠤᠵᠠᠭᠠᠨ᠎ᠠ᠃ | ᠡᠳᠡᠭᠡᠷ ᠡᠪᠡᠰᠦ ᠲᠡᠵᠢᠬᠡᠯ ᠢ ᠶᠡᠭᠡ ᠬᠤᠷᠳᠤ ᠱᠤᠭᠤᠮᠠᠯ ᠤᠷᠠᠯᠢᠭ ᠤᠨ ᠬᠢᠵᠠᠭᠠᠷᠲᠤ ᠺᠣᠮᠫᠠᠨᠢ ᠠᠴᠠ ᠬᠠᠨᠳᠢᠪᠯᠠᠭᠰᠠᠨ | ᠪᠠᠶᠢᠨ᠎ᠠ᠃ ᠲᠤᠰ ᠺᠣᠮᠫᠠᠨᠢ ᠶᠢᠨ ᠬᠠᠷᠢᠭᠤᠴᠠᠯᠭᠠᠳᠠᠨ ᠠᠴᠠ ᠪᠠᠰᠠ ᠺᠠᠷᠲ ᠳᠤ ᠳᠠᠩᠰᠠᠯᠠᠭᠳᠠᠭᠰᠠᠨ ᠶᠠᠳᠠᠭᠤ | ᠬᠦᠴᠢᠷᠲᠠᠢ ᠮᠠᠯᠴᠢᠨ ᠡᠷᠦᠬᠡ ᠳᠤ ᠲᠣᠬᠤᠨᠢᠭᠤᠯᠭ᠎ᠠ ᠶᠢᠨ ᠪᠤᠳᠠᠰ ᠬᠦᠷᠭᠡᠵᠦ᠂ ᠬᠠᠬᠢᠷ ᠡᠪᠦᠯ ᠤᠨ ᠬᠦᠢᠳᠡᠨ ᠳᠤ | ᠠᠷᠠᠳ ᠤᠨ ᠰᠡᠳᠬᠢᠯ ᠢ ᠳᠤᠯᠠᠭᠠᠴᠠᠭᠤᠯᠤᠯ᠎ᠠ᠃ | | | | | | | | | | | ᠮᠠᠯᠴᠢᠨ ᠨᠠᠷᠬᠢᠶᠠᠵᠠᠪ᠄ ︽ᠺᠣᠮᠫᠠᠨᠢ ᠶᠢᠨ ᠲᠤᠰᠠᠯᠠᠮᠵᠢ ᠦᠵᠡᠭᠦᠯᠦᠭᠰᠡᠨ ᠳᠤ ᠲᠠᠯᠠᠷᠬᠠᠵᠤ ᠪᠠᠶᠢᠨ᠎ᠠ᠃ ᠡᠨᠡ | ᠴᠠᠰᠤ ᠶᠡᠬᠡᠲᠠᠢ ᠴᠠᠭ ᠲᠤ ᠡᠪᠡᠰᠦ ᠪᠣᠷᠳᠤᠭ᠎ᠠ ᠬᠦᠷᠭᠡᠵᠦ ᠢᠷᠡᠭᠰᠡᠨ ᠨᠢ ᠪᠢᠳᠡᠨ ᠳᠤ ᠨᠡᠶᠢᠭᠡᠮ ᠤᠨ ᠬᠠᠶᠢᠷ᠎ᠠ | ᠬᠠᠯᠠᠮᠵᠢ ᠶᠢ ᠮᠡᠳᠡᠷᠡᠭᠦᠯᠦᠯ᠎ᠡ︾ ᠭᠡᠵᠤ ᠰᠤᠷᠪᠤᠯᠵᠢᠯᠠᠭᠴᠢ ᠳᠤ ᠶᠠᠷᠢᠪᠠ᠃ | | | | | | | | | | ᠶᠡᠭᠡ ᠬᠤᠷᠳᠤ ᠱᠤᠭᠤᠮᠠᠯ ᠤᠷᠠᠯᠢᠭ ᠤᠨ ᠬᠢᠵᠠᠭᠠᠷᠲᠤ ᠺᠣᠮᠫᠠᠨᠢ ᠶᠢᠨ ᠡᠬᠦᠳᠦᠨ ᠪᠠᠶᠢᠭᠤᠯᠤᠭᠴᠢ ᠰᠡᠯᠡᠩᠭᠡ | ᠨᠤᠭᠤᠭᠠᠨᠲᠠᠯ᠎ᠠ ᠭᠠᠴᠠᠭᠠᠨ ᠳᠤ ᠲᠦᠷᠦᠵᠦ ᠦᠰᠴᠠᠢ᠃ 2016 ᠣᠨ ᠳᠤ ᠶᠡᠭᠡ ᠰᠤᠷᠭᠠᠭᠤᠯᠢ ᠪᠠᠨ | ᠲᠡᠭᠦᠰᠬᠡᠭᠰᠡᠨ ᠤ ᠳᠠᠷᠠᠭ᠎ᠠ᠂ ᠨᠤᠲᠤᠭ ᠲᠠᠭᠠᠨ ᠪᠤᠴᠠᠵᠤ ᠦᠢᠯᠡᠰ ᠪᠤᠰᠬᠠᠬᠤ ᠵᠠᠮ ᠢ ᠡᠯᠭᠦᠵᠦ᠂ ᠲᠦᠷᠦ ᠶᠢᠨ | ᠪᠤᠳᠤᠯᠭ᠎ᠠ ᠶᠢᠨ ᠲᠡᠮᠵᠢᠯᠭᠡ᠂ ᠨᠤᠲᠤᠭ ᠤᠨ ᠲᠦᠮᠡᠨ ᠤ ᠬᠠᠪᠰᠤᠷᠤᠯᠭ᠎ᠠ ᠪᠤᠯᠤᠨ ᠥᠪᠡᠷ ᠤᠨ ᠱᠤᠭᠤᠮᠠᠯ ᠤᠨ ᠤᠷ᠎ᠠ | ᠮᠡᠷᠭᠡᠵᠢᠯ ᠳᠤ ᠪᠠᠨ ᠲᠦᠰᠢᠭᠯᠡᠨ 2017 ᠣᠨ ᠳᠤ ᠶᠡᠭᠡ ᠬᠤᠷᠳᠤ ᠱᠤᠭᠤᠮᠠᠯ ᠤᠷᠠᠯᠢᠭ ᠤᠨ ᠬᠢᠵᠠᠭᠠᠷᠲᠤ | ᠺᠣᠮᠫᠠᠨᠢ ᠶᠢ ᠡᠭᠦᠳᠦᠨ ᠪᠠᠶᠢᠭᠤᠯᠵᠠᠢ᠃ ᠣᠶᠢᠯᠠᠭᠠᠭᠰᠠᠨ ᠢᠶᠠᠷ᠂ ᠲᠣᠰ ᠤᠳᠠᠭ᠎ᠠ ᠰᠠᠶᠢᠬᠠᠠᠦ᠋ᠯᠵᠡᠢ ᠰᠤᠮᠤᠨ ᠤ | ᠭᠤᠷᠪᠠᠨ ᠭᠠᠴᠠᠭᠠᠨ ᠤ ᠺᠠᠷᠲ ᠳᠤ ᠳᠠᠩᠰᠠᠯᠠᠭᠳᠠᠭᠰᠠᠨ 6 ᠶᠠᠳᠠᠭᠤ ᠬᠦᠴᠢᠷᠳᠡᠯᠲᠡᠶ ᠡᠷᠦᠬᠡ ᠳᠤ᠂ ᠨᠡᠶᠢᠲᠡ | 13000 ᠲᠥᠭᠦᠷᠢᠭ ᠤᠨ ᠥᠷᠲᠡᠭ ᠪᠥᠬᠦᠢ 180 ᠪᠣᠭᠤᠯᠲᠠ ᠡᠪᠡᠰᠦ᠂ 18 ᠤᠭᠤᠲᠠ ᠮᠥᠬᠦᠯᠢᠭ ᠪᠣᠷᠳᠤᠭ᠎ᠠ | ᠪᠠ ᠲᠣᠬᠤᠨᠢᠭᠤᠯᠭ᠎ᠠ ᠶᠢᠨ ᠪᠣᠳᠠᠰ ᠲᠠᠷᠬᠠᠭᠠᠯ᠎ᠠ᠃ | | | | ᠶᠡᠭᠡ ᠬᠤᠷᠳᠤ ᠱᠤᠭᠤᠮᠠᠯ ᠤᠷᠠᠯᠢᠭ ᠤᠨ ᠬᠢᠵᠠᠭᠠᠷᠲᠤ ᠺᠣᠮᠫᠠᠨᠢ ᠶᠢᠨ ᠡᠬᠦᠳᠦᠨ ᠪᠠᠶᠢᠭᠤᠯᠤᠭᠴᠢ ᠰᠡᠯᠡᠩᠭᠡ᠄ | ᠠᠵᠤ ᠠᠬᠤᠶᠢᠯᠠᠯ ᠨᠢ ᠠᠵᠤ ᠠᠬᠤᠶ ᠶᠢᠨ ᠦᠨ᠎ᠡ ᠥᠷᠲᠡᠭ ᠢ ᠡᠭᠦᠳᠬᠦ ᠶᠢᠨ ᠬᠠᠮᠲᠤ᠂ ᠨᠡᠶᠢᠭᠡᠮ ᠪᠠ ᠨᠤᠲᠤᠭ | ᠤᠰᠤᠨ ᠤ ᠪᠠᠨ ᠠᠴᠢ ᠶᠢ ᠮᠠᠷᠳᠠᠵᠤ ᠪᠤᠯᠠᠬᠤ ᠥᠬᠡᠶ᠃ ᠮᠠᠨ ᠤ ᠺᠣᠮᠫᠠᠨᠢ ᠨᠡᠶᠢᠭᠡᠮ ᠤᠨ ᠬᠠᠷᠢᠭᠤᠴᠠᠯᠭ᠎ᠠ | ᠡᠭᠦᠷᠭᠡᠯᠡᠵᠦ᠂ ︿ᠤᠰᠤ ᠶᠢ ᠨᠢ ᠤᠤᠭᠤᠪᠠᠯ ᠡᠬᠢ ᠶᠢ ᠨᠢ ᠮᠠᠷᠲᠠᠬᠤ ᠥᠬᠡᠶ﹀᠂ ︿ᠬᠠᠷᠢᠭᠤ ᠲᠠᠢ ᠪᠤᠯ ᠪᠠᠷᠢᠭᠤ ᠲᠠᠢ﹀ | ᠭᠡᠳᠡᠭ ᠢᠶᠠᠷ ᠠᠮᠢᠳᠤᠷᠠᠯ ᠬᠦᠴᠢᠷᠳᠡᠯᠳᠠᠢ ᠮᠠᠯᠴᠢᠳ ᠲᠠᠭᠠᠨ ᠪᠠᠭ᠎ᠠ ᠴᠤ ᠭᠡᠰᠡᠨ ᠳᠤᠰᠠ ᠳᠡᠮ ᠪᠤᠯᠤᠶ᠎ᠠ ᠭᠡᠰᠡᠨ ᠶᠤᠮ︾ | ᠭᠡᠵᠦ ᠶᠠᠷᠢᠯ᠎ᠠ᠃ |