ᠶᠠᠮᠠᠷ ᠬᠦᠮᠦᠰ ᠲᠤ ᠸᠠᠺᠼᠢᠨ ᠳᠠᠷᠢᠵᠦ ᠪᠤᠯᠬᠤ ᠪᠤᠢ︖ ᠬᠠᠮᠢᠭ᠎ᠠ ᠤᠴᠢᠵᠦ ᠳᠠᠷᠢᠭᠤᠯᠬᠤ ᠪᠤᠢ︖ ᠡᠷᠡᠭᠦᠯ ᠪᠤᠰᠤ ᠢᠯᠡᠷᠡᠯ ᠭᠠᠷᠪᠠᠯ ᠶᠠᠭᠠᠬᠢᠬᠤ ᠪᠤᠢ︖
ᠨᠡᠶᠢᠲᠡᠯᠡᠭᠰᠡᠨ ᠴᠠᠭ᠄
2021/1/21
     ᠶᠠᠮᠠᠷ ᠬᠦᠮᠦᠰ ᠲᠤ ᠸᠠᠺᠼᠢᠨ ᠳᠠᠷᠢᠵᠦ ᠪᠤᠯᠬᠤ ᠪᠤᠢ︖ ᠬᠠᠮᠢᠭ᠎ᠠ ᠤᠴᠢᠵᠦ ᠳᠠᠷᠢᠭᠤᠯᠬᠤ ᠪᠤᠢ︖ ᠡᠷᠡᠭᠦᠯ ᠪᠤᠰᠤ ᠢᠯᠡᠷᠡᠯ ᠭᠠᠷᠪᠠᠯ ᠶᠠᠭᠠᠬᠢᠬᠤ ᠪᠤᠢ︖      — ᠡᠷᠬᠡ ᠰᠦᠷᠳᠦ ᠰᠠᠯᠠᠭ᠎ᠠ ᠮᠦᠴᠢᠷ ᠠᠴᠠ ᠰᠢᠨ᠎ᠠ ᠳᠢᠳᠢᠮᠯᠢᠭ ᠠᠭᠤᠰᠬᠢᠨ ᠦᠷᠪᠢᠰᠦᠯ ᠤᠨ ᠸᠢᠷᠦ᠋ᠰ ᠤᠨ ᠸᠠᠺᠼᠢᠨ ᠤ ᠳᠤᠯᠤᠭᠠᠨ ᠶᠡᠭᠡ ᠠᠰᠠᠭᠤᠳᠠᠯ ᠳᠤ ᠬᠠᠷᠢᠭᠤᠯᠳᠠ ᠦᠭᠬᠦᠭᠰᠡᠨ ᠨᠢ      ᠶᠠᠮᠠᠷ ᠬᠦᠮᠦᠰ ᠲᠤ ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠸᠠᠺᠼᠢᠨ ᠳᠠᠷᠢᠵᠦ ᠪᠤᠯᠬᠤ ᠪᠤᠢ︖ ᠬᠠᠮᠢᠭ᠎ᠠ‌ᠤᠴᠢᠵᠦ ᠳᠠᠷᠢᠭᠤᠯᠬᠤ ᠪᠤᠢ︖ ᠠᠮᠤᠷ ᠳᠦᠪᠰᠢᠨ ᠤ ᠴᠢᠨᠠᠷ ᠨᠢ ᠬᠢᠷᠢ ᠵᠡᠷᠭᠡ ᠪᠠᠶᠢᠭ᠎ᠠ ᠪᠤᠯ︖ ᠦᠨ᠎ᠠ ᠨᠢ ᠬᠡᠳᠦᠢ ᠪᠠᠶᠢᠬᠤ ᠪᠤᠢ︖                       ᠤᠯᠠᠨ ᠤ ᠠᠩᠬᠠᠷᠴᠤ ᠪᠠᠶᠢᠭ᠎ᠠ ᠡᠳᠡᠬᠡᠷ ᠬᠠᠯᠠᠮᠰᠢᠯ ᠠᠰᠠᠭᠤᠳᠠᠯ ᠳᠤ ᠴᠢᠭᠯᠡᠬᠦᠯᠦᠨ ᠳᠦᠷᠦ ᠶᠢᠨ ᠶᠠᠪᠤᠳᠠᠯ ᠤᠨ ᠬᠤᠷᠢᠶᠠᠨ ᠤ ᠬᠤᠯᠪᠤᠭᠠᠯᠠᠨ ᠰᠡᠷᠬᠡᠶᠢᠯᠡᠵᠦ ᠬᠤᠯᠪᠤᠭᠠᠯᠠᠨ ᠡᠵᠡᠮᠳᠡᠬᠦ ᠳᠤᠬᠳᠠᠴᠠ ᠶᠢᠨ ᠬᠢᠨ 19᠎ ᠤ ᠡᠳᠦᠷ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠦ᠂ ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠵᠡᠷᠬᠡ  ᠰᠠᠯᠠᠭ᠎ᠠ ᠮᠦᠴᠢᠷ ‍ᠤᠨ‌ᠬᠤᠯᠪᠤᠬᠳᠠᠯ ᠪᠦᠬᠦᠢ ᠬᠠᠷᠢᠭᠤᠴᠠᠯᠭᠠᠳᠠᠨ ᠡᠷᠬᠡ ᠰᠦᠷᠳᠦ ᠬᠠᠷᠢᠭᠤᠯᠳᠠ ᠦᠭᠬᠦᠯ᠎ᠠ᠃                     ᠶᠠᠮᠠᠷ ᠬᠦᠮᠦᠰ ᠲᠤ ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠸᠠᠺᠼᠢᠨ ᠳᠠᠷᠢᠵᠦ ᠪᠤᠯᠬᠤ ᠪᠤᠢ︖                     ︽ᠡᠪᠤᠯ ᠬᠠᠪᠤᠷ ᠤᠨ ᠤᠯᠠᠷᠢᠯ ᠬᠦᠷᠴᠦ ᠢᠷᠡᠬᠦ ᠳᠠᠰᠢᠷᠠᠮ ᠢᠶᠠᠷ᠂ ᠬᠡᠰᠡᠭ ᠭᠤᠤᠯᠳᠠᠯᠭ᠎ᠠ ᠲᠠᠢ ᠬᠦᠮᠦᠰ ᠲᠤ ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠸᠠᠺᠼᠢᠨ ᠢ ᠳᠠᠷᠢᠬᠤ ᠠᠵᠢᠯ ᠢ ᠦᠷᠨᠢᠬᠦᠯᠦᠨ᠎ᠠ︾ ᠬᠡᠵᠦ ᠳᠦᠷᠦ ᠶᠢᠨ ᠶᠠᠪᠤᠳᠠᠯ ‍ᠤᠨ‌ᠬᠤᠷᠢᠶᠠᠨ ᠤ ᠬᠤᠯᠪᠤᠭᠠᠯᠠᠨ ᠰᠡᠷᠬᠡᠶᠢᠯᠡᠵᠦ ᠬᠤᠯᠪᠤᠭᠠᠯᠠᠨ ᠡᠵᠡᠮᠳᠡᠬᠦ ᠳᠤᠬᠳᠠᠴᠠ ᠶᠢᠨ ᠰᠢᠨᠵᠢᠯᠡᠬᠦ  ᠤᠬᠠᠭᠠᠨ ᠤ ᠰᠤᠳᠤᠯᠭᠠᠨ ‍ᠤ‌‍ᠪᠤᠭᠤᠮᠳᠠ ᠰᠢᠪᠳᠤᠯᠬᠤ ᠳᠤᠭᠤᠢᠢᠯᠠᠩ ᠤᠨ ᠸᠠᠺᠼᠢᠨ ᠰᠤᠳᠤᠯᠤᠨ ᠦᠢᠯᠡᠳᠬᠦ ᠳᠤᠰᠬᠠᠢ ᠠᠩᠬᠢ ᠶᠢᠨ ᠬᠠᠷᠢᠭᠤᠴᠠᠯᠭᠠᠳᠠᠨ᠂ ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠤᠨ ᠳᠡᠳ᠋ ᠡᠷᠬᠢᠯᠡᠭᠴᠢ ᠼᠧᠩ ᠢ ᠰᠢᠨ ᠬᠡᠯᠡᠬᠦ ᠶᠢᠨ ᠬᠠᠮᠳᠤ᠂ ᠳᠠᠷᠠᠭᠠᠴᠢ ᠶᠢᠨ ᠠᠯᠬᠤᠮ ᠳᠤ ᠬᠠᠯᠳᠠᠪᠤᠷᠢᠯᠠᠬᠳᠠᠬᠤ ᠠᠶᠤᠯ  ᠶᠡᠬᠡᠳᠡᠢ ᠬᠦᠮᠦᠰ ᠲᠤ ︽ᠳᠠᠷᠢᠪᠠᠯ ᠵᠤᠬᠢᠬᠤ ᠬᠦᠮᠦᠰ ᠲᠤ ᠪᠦᠷ ᠳᠠᠷᠢᠬᠤ︾ ᠠᠵᠢᠯ ᠢ ᠠᠯᠢ ᠴᠢᠳᠠᠬᠤ ᠪᠠᠷ ᠬᠦᠢᠴᠡᠳ ᠬᠢᠵᠦ᠂ ᠨᠦᠬᠦᠴᠡᠯ ᠳᠤ ᠨᠡᠶᠢᠴᠡᠭᠰᠡᠨ ᠬᠦᠮᠦᠨ  ᠪᠦᠬᠦᠨ ᠳᠤ ᠴᠠᠬ ᠳᠤᠬᠠᠢ ᠳᠤᠨᠢ ᠪᠦᠷ ᠳᠠᠷᠢᠯᠭ᠎ᠠ ᠳᠠᠷᠢᠨ᠎ᠠ ᠬᠡᠵᠦ ᠢᠯᠡᠳᠬᠡᠪᠡ᠃                       ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠤᠨ ᠡᠪᠡᠳᠴᠢᠨ  ᠡᠮᠬᠡᠭ ᠢ ᠰᠡᠷᠬᠡᠶᠢᠯᠡᠨ ᠡᠵᠡᠮᠳᠡᠬᠦ ᠳᠤᠪᠴᠢᠶᠠᠨ ᠤ ᠬᠠᠷᠢᠭᠤᠴᠠᠯᠭᠠᠳᠠᠨ ᠼᠦᠢ ᠭᠠᠩ᠂ ᠤᠳᠤᠬᠠᠨ ᠳᠤ ᠸᠠᠺᠼᠢᠨ ᠳᠠᠷᠢᠬᠤ ᠠᠷᠭ᠎ᠠ ᠪᠤᠳᠤᠯᠭ᠎ᠠ ᠭᠡᠪᠡᠯ ︽ᠬᠤᠶᠠᠷ ᠠᠯᠬᠤᠮ ᠢᠶᠠᠷ ᠶᠠᠪᠤᠬᠤ︾ ᠳᠦᠰᠦᠯ ᠢ ᠬᠡᠷᠡᠭᠵᠢᠭᠦᠯᠤᠨ᠎ᠡ᠄ ᠨᠢᠬᠡᠳᠦᠬᠡᠷ ᠠᠯᠬᠤᠮ ᠳᠤ᠂  ᠭᠤᠤᠯᠳᠠᠭᠤ ᠬᠡᠰᠡᠭ ᠭᠤᠤᠯᠳᠠᠯᠭ᠎ᠠ ᠲᠠᠢ ᠬᠦᠮᠦᠰ ᠲᠤ ᠴᠢᠭᠯᠡᠬᠦᠯᠦᠨ᠎ᠠ᠂ᠡᠬᠦᠨ ᠳᠤ ᠭᠠᠳᠠᠨ᠎ᠠ ᠠᠴᠠ ᠤᠷᠤᠭᠤᠯᠬᠤ ᠬᠦᠢᠳᠡᠨ ᠢᠶᠠᠷ ᠵᠦᠭᠡᠭᠡᠪᠦᠷᠢᠯᠡᠬᠦ ᠪᠠᠷᠠᠭᠠᠨ ᠤ  ᠬᠦᠢᠯᠭᠡᠭᠡ᠂ᠪᠤᠭᠤᠮᠳᠠ ᠶᠢᠨ ᠬᠢᠵᠢᠭ ᠰᠢᠯᠭᠠᠨ  ᠪᠠᠶᠢᠴᠠᠭᠠᠬᠤ᠂ ᠤᠩᠭᠤᠴᠠ ᠳᠤ ᠠᠶᠠᠯᠠᠯ  ᠵᠢᠯᠤᠭᠤᠳᠬᠤ᠂  ᠠᠭᠠᠷ ᠤᠨ   ᠠᠶᠠᠯᠠᠯ ‍ᠤᠨ‌ᠤᠢᠢᠯᠡᠴᠢᠯᠡᠭᠡ᠂ ᠳᠦᠬᠦᠬᠡᠢ ᠰᠤᠷᠭᠤᠬ ᠢᠳᠡᠬᠡᠨ ᠤ ᠵᠠᠬ᠎ᠠ ᠳᠡᠯᠬᠡᠬᠦᠷ᠂ ᠤᠯᠠᠨ ᠨᠡᠶᠢᠳᠡ ᠶᠢᠨ ᠵᠠᠮ ᠬᠠᠷᠢᠯᠴᠠᠭ᠎ᠠ᠂ ᠡᠮ ᠡᠮᠨᠡᠯᠬᠡ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠬᠦ ᠵᠡᠷᠬᠡ ᠬᠠᠯᠳᠠᠪᠤᠷᠢᠯᠠᠬᠳᠠᠬᠤ ᠠᠶᠤᠯ ᠢᠶᠠᠷ ᠨᠡᠯᠢᠶᠡᠳ ᠶᠡᠭᠡ ᠠᠵᠢᠯᠳᠠᠳ ᠵᠢᠴᠢ ᠳᠤᠮᠳᠠ ᠦᠨᠳᠦᠷ ᠬᠡᠮᠵᠢᠶᠡᠨ ᠤ ᠬᠠᠯᠳᠠᠪᠤᠷᠢᠯᠠᠬᠤ ᠠᠶᠤᠯ ᠲᠠᠢ ᠤᠯᠤᠰ ᠪᠤᠶᠤ ᠭᠠᠵᠠᠷ ᠤᠷᠤᠨ ᠳᠤ ᠤᠴᠢᠵᠦ ᠠᠵᠢᠯᠯᠠᠵᠦ  ᠰᠤᠷᠤᠯᠴᠠᠬᠤ‌‍ᠬᠦ᠋ᠮᠦᠰ ᠵᠡᠷᠬᠡ ᠶᠢ ᠪᠠᠭᠳᠠᠭᠠᠵᠦ ᠪᠤᠢ᠃                       ᠬᠤᠶᠠᠳᠤᠭᠠᠷ ᠠᠯᠬᠤᠮ ᠳᠤ᠂ ᠸᠠᠺᠼᠢᠨ ᠤ ᠳᠠᠭᠠᠯᠳᠤᠭᠤᠯᠤᠯ  ᠨᠦᠬᠦᠴᠡᠯ ᠨᠢ ᠵᠠᠬ᠎ᠠ ᠳᠡᠯᠬᠡᠬᠦᠷ ᠲᠤ ᠭᠠᠷᠬᠤ ᠵᠦᠪᠰᠢᠶᠡᠷᠡᠯ ᠢ ᠤᠯᠬᠤ ᠪᠤᠶᠤ ᠵᠢᠩᠬᠢᠨᠢ ᠪᠠᠷ ᠵᠠᠬ᠎ᠠ  ᠳᠡᠯᠬᠡᠬᠦᠷ ᠲᠤ ᠭᠠᠷᠬᠤ ᠵᠦᠪᠰᠢᠶᠡᠷᠡᠯ ᠢ ᠤᠯᠵᠦ᠂ ᠸᠠᠺᠼᠢᠨ ᠤ ᠦᠢᠯᠡᠳᠪᠤᠷᠢᠯᠡᠯ ᠤᠨ ᠬᠡᠮᠵᠢᠶ᠎ᠠ ᠠᠯᠬᠤᠮ ᠠᠯᠬᠤᠮ ᠢᠶᠠᠷ ᠨᠡᠮᠡᠭᠳᠡᠬᠦ ᠶᠢᠨ ᠤᠯᠠᠮ ᠢᠶᠠᠷ᠂ ᠡᠮᠬᠢ ᠳᠢᠭᠯᠢᠮ ᠲᠠᠢ ᠪᠠᠷ ᠳᠠᠷᠢᠯᠭ᠎ᠠ ᠬᠢᠬᠦ ᠠᠵᠢᠯ ᠢ ᠦᠷᠨᠢᠬᠦᠯᠵᠦ᠂ ᠠᠯᠬᠤᠮ ᠠᠯᠬᠤᠮ ᠢᠶᠠᠷ ᠴᠠᠷᠤᠯᠳᠠ ᠶᠢᠨ ᠬᠠᠯᠬᠠᠪᠴᠢ ᠶᠢ ᠴᠤᠬᠴᠠᠯᠠᠨ ᠪᠠᠶᠢᠭᠤᠯᠵᠦ ᠪᠠᠶᠢᠭᠠᠳ᠂  ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠤᠯᠤᠰ ᠤᠨ ᠳᠤᠳᠤᠭᠠᠳᠤ ᠳᠠᠬᠢ ᠬᠠᠯᠳᠠᠪᠤᠷᠢᠯᠠᠯ ᠢ ᠳᠠᠰᠤᠯᠤᠨ᠎ᠠ ᠬᠡᠵᠦ ᠬᠡᠯᠡᠪᠡ᠃                     ᠸᠠᠺᠼᠢᠨ ᠢ ᠶᠠᠭᠠᠬᠢᠵᠦ ᠳᠠᠷᠢᠬᠤ ᠪᠤᠢ᠂ ᠬᠠᠮᠢᠭ᠎ᠠ ᠤᠴᠢᠵᠦ ᠳᠠᠷᠢᠭᠤᠯᠬᠤ ᠪᠤᠢ︖                       ᠼᠦᠢ ᠭᠠᠩ᠂ ᠡᠩ ᠤᠨ ᠪᠠᠶᠢᠳᠠᠯ ᠳᠤᠤᠷ᠎ᠠ᠂ ᠳᠠᠷᠢᠯᠭ᠎ᠠ ᠲᠠᠷᠢᠬᠤ ᠨᠢᠬᠡᠴᠢ ᠶᠢ ᠪᠦᠷ ᠬᠠᠷᠢᠶ᠎ᠠ ᠳᠤᠭᠤᠷᠢᠬ ᠤᠨ ᠡᠷᠡᠬᠦᠯ ᠬᠠᠮᠠᠭᠠᠯᠠᠯ ᠤᠨ ᠦᠢᠯᠡᠴᠢᠯᠡᠬᠡᠨ ᠤ ᠳᠦᠪ᠂ ᠰᠢᠶᠠᠩ ᠪᠠᠯᠭᠠᠰᠤᠨ ᠤ ᠡᠷᠡᠬᠦᠯ ᠬᠠᠮᠠᠭᠠᠯᠠᠯ ᠤᠨ ᠬᠤᠷᠢᠶ᠎ᠠ ᠪᠤᠶᠤ ᠶᠡᠷᠦᠩᠬᠡᠶᠢᠯᠡᠭᠰᠡᠨ ᠡᠮᠨᠡᠯᠬᠡ ᠶᠢᠨ ᠬᠤᠷᠢᠶᠠᠨ ᠳᠤ ᠪᠠᠶᠢᠷᠢᠯᠠᠭᠤᠯᠤᠨ᠎ᠠ᠂ ᠡᠯ᠎ᠠ ᠭᠠᠵᠠᠷ ᠤᠷᠤᠨ ᠳᠤ ᠬᠠᠷᠢᠶ᠎ᠠ ᠳᠤᠭᠤᠷᠢᠬ ᠤᠨ ᠢᠶᠠᠨ ᠳᠤᠳᠤᠷᠠᠬᠢ ᠭᠠᠵᠠᠷ᠂ ᠦᠢᠯᠡᠴᠢᠯᠡᠬᠦ ᠴᠠᠬ ᠢ ᠪᠠᠭᠳᠠᠭᠠᠬᠰᠠᠨ ᠳᠠᠷᠢᠯᠭ᠎ᠠ ᠲᠠᠷᠢᠬᠤ ᠴᠡᠭ ᠂ ᠳᠠᠷᠢᠯᠭ᠎ᠠ ᠲᠠᠷᠢᠬᠤ ᠨᠢᠬᠡᠴᠢ ᠬᠢᠬᠡᠳ  ᠴᠠᠬ ᠢ ᠨᠠᠶᠢᠳᠠᠯᠡᠬᠦ ᠬᠡᠷᠡᠭᠳᠠᠢ ᠭᠡᠵᠦ ᠱᠠᠭᠠᠷᠳᠠᠬᠰᠠᠨ ᠪᠠᠶᠢᠨ᠎ᠠ ᠭᠡᠪᠡ᠃                       ᠳᠠᠨᠢᠯᠴᠠᠭᠤᠯᠤᠬᠰᠠᠨ ᠢᠶᠠᠷ᠂ ᠳᠠᠷᠢᠯᠭ᠎ᠠ ᠲᠠᠷᠢᠬᠤ ᠠᠵᠢᠯ ᠬᠡᠷᠪᠡ ᠳᠦᠪᠯᠡᠷᠡᠭᠰᠡᠨ ᠨᠢᠬᠡᠴᠢ ᠲᠠᠢ ᠬᠤᠯᠪᠤᠬᠳᠠᠬᠤ ᠳᠤ ᠬᠦᠷᠪᠡᠯ᠂ ᠪᠠᠰᠠ ᠨᠢᠬᠡ ᠪᠦᠯᠦᠭ ᠳᠦᠷ ᠴᠠᠬ ᠤᠨ ᠳᠠᠷᠢᠯᠭ᠎ᠠ ᠲᠠᠷᠢᠬᠤ ᠴᠡᠭ ᠭᠠᠷᠭᠠᠵᠦ᠂ ᠲᠤᠬᠠᠢ ᠶᠢᠨ ᠨᠢᠭᠡᠴᠢ ᠳᠤᠨᠢ ᠬᠦᠷᠴᠦ ᠦᠢᠯᠡᠴᠢᠯᠡᠬᠦ ᠶᠢ ᠪᠤᠳᠤᠯᠬᠢᠯᠠᠵᠦ ᠪᠤᠯᠤᠨ᠎ᠠ᠃ ᠡᠬᠦᠨ ᠤ ᠬᠠᠮᠳᠤ᠂ ᠬᠠᠮᠢᠶ᠎ᠠ ᠪᠦᠬᠦᠢ ᠨᠢᠬᠡᠴᠢ ᠪᠤᠶᠤ ᠬᠤᠪᠢ ᠬᠦᠮᠦᠨ ᠳᠤ ᠮᠡᠳᠡᠭᠳᠡᠯ ᠦᠭᠴᠤ᠂ ᠬᠠᠮᠢᠭ᠎ᠠ ᠬᠦᠷᠴᠦ ᠳᠠᠷᠢᠯᠭ᠎ᠠ ᠲᠠᠷᠢᠬᠤ᠂ ᠬᠡᠵᠢᠶ᠎ᠡ ᠳᠠᠷᠢᠯᠭ᠎ᠠ ᠲᠠᠷᠢᠬᠤ ᠶᠢ ᠤᠷᠢᠳᠴᠢᠯᠡᠨ ᠪᠤᠯᠵᠤᠵᠦ ᠳᠤᠬᠳᠠᠭᠠᠨ᠎ᠠ᠃                       ᠼᠦᠢ ᠭᠠᠩ᠂ ᠤᠯᠠᠨ ᠢᠶᠠᠷ ᠢᠶᠠᠨ ᠬᠠᠷᠢᠶ᠎ᠠ ᠳᠤᠭᠤᠷᠢᠬ ᠤᠨ ᠢᠶᠠᠨ ᠤᠷᠤᠨ ᠨᠤᠳᠤᠬ ᠤᠨ ᠡᠷᠡᠬᠦᠯ ᠬᠠᠮᠠᠭᠠᠯᠠᠯ ᠤᠨ ᠵᠠᠰᠠᠬ‌ᠵᠠᠬᠢᠷᠭᠠᠨ ᠤ ᠰᠠᠯᠠᠭ᠎ᠠ ᠮᠦᠴᠢᠷ ᠪᠤᠶᠤ ᠡᠪᠡᠳᠴᠢᠨ ᠡᠮᠬᠡᠭ ᠢ ᠰᠡᠷᠬᠡᠶᠢᠯᠡᠨ  ᠡᠵᠡᠮᠳᠡᠬᠦ  ᠪᠠᠶᠢᠭᠤᠯᠤᠮᠵᠢ ᠠᠴᠠ ᠯᠠᠪᠯᠠᠭ᠎ᠠ ᠠᠪᠴᠤ ᠪᠤᠯᠤᠨ᠎ᠠ᠂ ᠪᠠᠰᠠ ᠬᠠᠮᠢᠶ᠎ᠠ ᠪᠦᠬᠦᠢ ᠮᠡᠳᠡᠭᠡ ᠵᠠᠩᠬᠢ ᠶᠢ ᠨᠡᠶᠢᠳᠡᠯᠡᠬᠦ ᠳᠠᠪᠴᠠᠩ ᠳᠤ ᠠᠩᠬᠠᠷᠤᠯ ᠢᠶᠠᠨ ᠬᠠᠨᠳᠤᠭᠤᠯᠵᠦ ᠪᠤᠯᠤᠨ᠎ᠠ ᠬᠡᠵᠦ ᠢᠯᠡᠳᠬᠡᠪᠡ᠃                       ᠼᠦᠢ ᠭᠠᠩ᠂ ᠳᠠᠷᠢᠯᠭ᠎ᠠ ᠲᠠᠷᠢᠬᠤ ᠳᠤ ᠳᠤᠬᠠᠢ ᠶᠢᠨ ᠭᠠᠵᠠᠷ ᠤᠨ ᠮᠡᠳᠡᠭᠳᠡᠯ ᠤᠨ ᠳᠤᠬᠢᠷᠠᠭᠤᠯᠤᠯᠳᠠ ᠶᠢ ᠵᠢᠷᠤᠮᠯᠠᠬᠤ ᠬᠡᠷᠡᠭᠳᠡᠢ᠂ ᠵᠢᠱᠢᠶᠡᠯᠡᠪᠡᠯ ᠪᠠᠶ᠎ᠠ ᠶᠢᠨ ᠦᠨᠡᠮᠯᠡᠯ ᠢᠶᠠᠨ ᠠᠪᠴᠤ ᠤᠴᠢᠭᠠᠳ᠂ ᠸᠠᠺᠼᠢᠨ ᠤ ᠳᠠᠩᠰᠠᠯᠠᠯᠳᠠ ᠳᠡᠮᠳᠡᠭᠯᠡᠯ ᠢ ᠰᠠᠶᠢᠳᠤᠷ ᠬᠢᠬᠦ ᠬᠡᠷᠡᠭᠳᠡᠢ᠃ ᠲᠠᠬᠢᠪᠠᠯ᠂ ᠡᠷᠬᠡᠪᠰᠢ ᠡᠩ ᠤᠨ ᠦᠶ᠎ᠡ ᠳᠤ  ᠡᠮ  ᠡᠮᠨᠡᠯᠬᠡ ᠶᠢᠨ ᠪᠠᠶᠢᠭᠤᠯᠤᠮᠵᠢ ᠳᠤ ᠤᠴᠢᠬᠤ ᠱᠠᠭᠠᠷᠳᠠᠯᠭ᠎ᠠ ᠶᠤᠰᠤᠭᠠᠷ ᠬᠤᠪᠢ ᠪᠠᠶ᠎ᠠ ᠶᠢᠨ ᠰᠡᠷᠬᠡᠶᠢᠯᠡᠯᠳᠡ ᠬᠠᠮᠠᠭᠠᠯᠠᠯᠳᠠ ᠵᠡᠷᠬᠡ ᠲᠠᠯ᠎ᠠ ᠶᠢᠨ  ᠠᠵᠢᠯ ᠢ  ᠰᠠᠶᠢᠳᠤᠷ  ᠬᠢᠬᠦ  ᠬᠡᠷᠡᠭᠳᠡᠢ ᠬᠡᠵᠦ‌‍ᠰᠠᠨᠠᠭᠤᠯᠪᠠ᠃                     ᠸᠠᠺᠼᠢᠨ ᠠᠮᠤᠷ ᠳᠦᠪᠰᠢᠨ ᠪᠠᠶᠢᠬᠤ ᠪᠤᠯ ᠤᠤ︖                       ᠳᠦᠷᠦ ᠶᠢᠨ ᠶᠠᠪᠤᠳᠠᠯ ᠤᠨ ᠬᠤᠷᠢᠶᠠᠨ ᠤ ᠬᠤᠯᠪᠤᠭᠠᠯᠠᠨ ᠰᠡᠷᠬᠡᠶᠢᠯᠡᠵᠦ ᠬᠤᠯᠪᠤᠭᠠᠯᠠᠨ ᠡᠵᠡᠮᠳᠡᠬᠦ ᠳᠤᠬᠳᠠᠴᠠ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠪᠤᠭᠤᠮᠳᠠ ᠰᠢᠪᠳᠤᠯᠬᠤ ᠳᠤᠭᠤᠢᠢᠯᠠᠩ ᠤᠨ ᠸᠠᠺᠼᠢᠨ ᠰᠤᠳᠤᠯᠤᠨ ᠦᠢᠯᠡᠳᠬᠦ ᠳᠤᠰᠬᠠᠢ ᠠᠩᠬᠢ ᠶᠢᠨ ᠠᠵᠢᠯᠯᠠᠬᠤ ᠳᠤᠭᠤᠢᠢᠯᠠᠩ ᠤᠨ ᠳᠠᠷᠤᠭ᠎ᠠ᠂ ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠤᠨ ᠡᠮ‌ᠡᠮᠨᠡᠯᠬᠡ ᠡᠷᠡᠬᠦᠯ ᠬᠠᠮᠠᠭᠠᠯᠠᠯ ᠤᠨ ᠰᠢᠨᠵᠢᠯᠡᠬᠦ ᠤᠬᠠᠭᠠᠨ ᠳᠧᠭ᠌ᠨᠢᠭ ᠮᠡᠷᠬᠡᠵᠢᠯ ᠤᠨ ᠬᠦᠭᠵᠢᠯᠳᠡ ᠶᠢᠨ ᠰᠤᠳᠤᠯᠭᠠᠨ ᠤ  ᠳᠦᠪ ‍ᠤᠨ‌ᠡᠷᠬᠢᠯᠡᠭᠴᠢ ᠵᠧᠩ ᠵᠦᠩ ᠸᠧᠢ᠂ 7 ᠰᠠᠷ᠎ᠠ ᠠᠴᠠ ᠨᠠᠭᠠᠰᠢ᠂ ᠰᠠᠶᠢᠨ ᠳᠤᠷ᠎ᠠ ᠶᠢᠨ ᠪᠠᠶᠢᠬᠤ᠂ ᠪᠠᠶᠢᠳᠠᠯ ᠢ ᠰᠠᠶᠢᠳᠤᠷ ᠤᠢᠢᠯᠠᠭᠠᠬᠤ᠂ ᠵᠦᠪᠰᠢᠶᠡᠷᠡᠭᠰᠡᠨ ᠤᠷᠢᠳᠠᠯ ᠳᠤᠤᠷ᠎ᠠ᠂ ᠮᠠᠨ ᠤ ᠤᠯᠤᠰ ᠬᠠᠯᠳᠠᠪᠤᠷᠢᠯᠠᠬᠳᠠᠬᠤ ᠠᠶᠤᠯ ᠶᠡᠬᠡᠳᠠᠢ ᠬᠦᠮᠦᠰ ᠲᠤ ᠪᠠᠴᠢᠮ ᠳᠠᠷᠢᠯᠭ᠎ᠠ ᠲᠠᠷᠢᠬᠤ ᠠᠵᠢᠯ ᠢ ᠬᠢᠭᠰᠡᠨ ᠪᠠᠶᠢᠨ᠎ᠠ᠂ ᠤᠳᠤᠬᠠᠨ ᠳᠤ ᠨᠡᠶᠢᠳᠡ 100 ᠭᠠᠷᠤᠢ ᠳᠦᠮᠡᠨ ᠢᠵᠢ ᠤᠳᠠᠭ᠎ᠠ ᠶᠢᠨ ᠰᠢᠨ᠎ᠠ ᠳᠢᠳᠢᠮᠯᠢᠭ ᠠᠭᠤᠰᠬᠢᠨ ᠦᠷᠪᠢᠰᠦᠯ ᠤᠨ ᠸᠠᠺᠼᠢᠨ ᠢ ᠪᠠᠴᠢᠮ ᠳᠠᠷᠢᠬᠤ ᠠᠵᠢᠯ ᠢ ᠪᠡᠶᠡᠯᠡᠬᠦᠯᠦᠬᠡᠳ ᠪᠠᠶᠢᠨ᠎ᠠ᠃ ᠡᠷᠡᠭᠦᠯ ᠪᠤᠰᠤ ᠢᠯᠡᠷᠡᠯ ‍ᠤᠨ‌‍ᠲ᠋ᠤᠬᠠᠢ ᠳᠦᠪ ᠴᠢᠩᠭ᠎ᠠ ᠬᠢᠨᠠᠯᠳᠠ ᠬᠡᠮᠵᠢᠯᠳᠡ ᠪᠠ ᠮᠦᠷᠳᠡᠨ ᠠᠵᠢᠬᠯᠠᠯᠳᠠ ᠬᠢᠭᠡᠳ ᠬᠦᠨᠳᠦ ᠨᠤᠴᠢᠳᠠᠢ  ᠡᠷᠡᠭᠦᠯ  ᠪᠤᠰᠤ ᠢᠯᠡᠷᠡᠯ ᠭᠠᠷᠤᠭᠰᠠᠨ ᠶᠠᠪᠤᠳᠠᠯ ᠦᠬᠡᠢ ᠪᠠᠶᠢᠨ᠎ᠠ ᠬᠡᠵᠦ ᠬᠡᠯᠡᠪᠡ᠃                       ᠠᠳᠠᠯᠢ ᠬᠤᠭᠤᠴᠠᠭᠠᠨ ᠳᠤ᠂ ᠪᠠᠴᠢᠮ ᠬᠡᠷᠡᠭᠯᠡᠯᠳᠡ ᠳᠤ ᠬᠡᠷᠡᠭᠯᠡᠬᠦ ᠢᠳᠡᠪᠬᠢ ᠦᠬᠡᠶᠢᠳᠡᠬᠦᠯᠬᠦ ᠸᠠᠺᠼᠢᠨ ᠢ  ᠬᠢᠯᠢ ᠵᠢᠨ‌ᠭᠠᠳᠠᠨ᠎ᠠ Ⅲ ᠬᠤᠭᠤᠴᠠᠭᠠᠨ ᠤ ᠡᠮᠴᠢᠯᠡᠭᠡᠨ ᠤ ᠳᠤᠷᠰᠢᠯᠳᠠ ᠬᠢᠵᠡᠢ᠂ ᠤᠳᠤᠬᠠᠨ ᠪᠤᠯᠳᠠᠯ᠎ᠠ ᠨᠡᠶᠢᠳᠡ 7.5 ᠳᠦᠮᠡᠨ ᠬᠦᠮᠦᠨ᠂ 15 ᠳᠦᠮᠡᠨ ᠢᠵᠢ ᠤᠳᠠᠭ᠎ᠠ ᠶᠢᠨ ᠬᠦᠮᠦᠨ ᠳᠤ ᠳᠠᠷᠢᠯᠭ᠎ᠠ ᠬᠢᠬᠡᠳ ᠪᠤᠢ᠃ ᠰᠤᠳᠤᠯᠭᠠᠨ ᠳᠤ  ᠬᠠᠷᠠᠭᠤᠯᠤᠬᠰᠠᠨ ᠢᠶᠠᠷ᠂ ᠬᠦᠨᠳᠦ ᠨᠤᠴᠢᠳᠠᠢ ᠠᠮᠤᠷ ᠳᠦᠪᠰᠢᠨ ᠤ ᠬᠡᠮ ᠰᠤᠭᠤᠬ ᠭᠠᠷᠤᠬᠰᠠᠨ ᠦᠬᠡᠢ᠃                      ᠸᠠᠺᠼᠢᠨ ᠳᠠᠷᠢᠭᠤᠯᠤᠬᠰᠠᠨ ᠤ ᠳᠠᠷᠠᠭ᠎ᠠ ᠡᠷᠡᠭᠦᠯ ᠪᠤᠰᠤ ᠢᠯᠡᠷᠡᠯ ᠭᠠᠷᠪᠠᠯ ᠶᠠᠭᠠᠬᠢᠵᠦ ᠠᠷᠭᠠᠴᠠᠭᠠᠬᠤ ᠪᠤᠢ︖                       ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠤᠨ ᠡᠮᠨᠡᠯᠬᠡ ᠶᠢᠨ ᠶᠠᠪᠤᠳᠠᠯ ᠡᠮᠨᠡᠯᠬᠡ ᠵᠢᠨ‌ᠬᠠᠮᠢᠶᠠᠷᠤᠯᠳᠠ ᠶᠢᠨ ᠳᠤᠪᠴᠢᠶᠠᠨ ᠤ ᠬᠢᠨᠠᠨ ᠪᠠᠶᠢᠴᠠᠭᠠᠬᠤ ᠳᠤᠰᠬᠠᠢ ᠲᠤᠰᠢᠶᠠᠯᠳᠠᠨ ᠵᠢᠶᠤᠤ ᠶᠠ ᠬᠤᠢ᠂ ᠤᠳᠤᠬᠠᠨ ᠳᠤ ᠮᠠᠨ ᠤ ᠤᠯᠤᠰ ᠤᠨ ᠠᠵᠢᠬᠯᠠᠵᠦ ᠮᠡᠳᠡᠭᠰᠡᠨ ᠪᠠᠶᠢᠩᠭᠤ ᠳᠤᠬᠢᠶᠠᠯᠳᠤᠬᠤ ᠸᠠᠺᠼᠢᠨ ᠤ ᠡᠷᠡᠭᠦᠯ ᠪᠤᠰᠤ ᠢᠯᠡᠷᠡᠯ ᠳᠤ ᠭᠤᠤᠯᠳᠠᠭᠤ ᠳᠤᠯᠤᠭᠠᠢ ᠡᠪᠡᠳᠬᠦ᠂ ᠬᠠᠯᠠᠭᠤᠷᠠᠬᠤ᠂ ᠲᠠᠷᠢᠯᠭ᠎ᠠ ᠳᠠᠷᠢᠬᠰᠠᠨ ᠬᠡᠰᠡᠭ ᠨᠢ ᠤᠯᠠᠶᠢᠬᠤ ᠪᠤᠶᠤ ᠬᠠᠳᠠᠭᠤᠷᠠᠬᠤ ᠵᠡᠷᠬᠡ  ᠪᠠᠶᠢᠳᠠᠯ  ᠪᠤᠢ᠂  ᠲᠠᠬᠢᠪᠠᠯ‌ᠵᠠᠷᠢᠮ ᠬᠦᠮᠦᠨ ᠳᠤ ᠪᠠᠰᠠ ᠬᠠᠨᠢᠶᠠᠬᠤ᠂ ᠬᠤᠭᠤᠯᠠᠨ ᠤ ᠳᠤᠷᠠᠰᠢᠯ ᠮᠠᠭᠤᠳᠠᠬᠤ᠂ ᠪᠦᠬᠡᠯᠵᠢᠬᠦ᠂ ᠰᠠᠭᠤᠯᠭᠠᠬᠤ  ᠵᠡᠷᠬᠡ  ᠪᠠᠶᠢᠳᠠᠯ ᠲᠠᠢ‌‍ᠪᠠᠶᠢᠨ᠎ᠠ ᠬᠡᠵᠦ ᠬᠡᠯᠡᠪᠡ᠃                       ᠲᠠᠨᠢᠯᠴᠠᠭᠤᠯᠤᠬᠰᠡᠨ ᠢᠶᠠᠷ᠂ ᠰᠢᠨ᠎ᠡ ᠳᠢᠳᠢᠮᠯᠢᠭ ᠸᠢᠷᠦ᠋ᠰ ᠤᠨ ᠸᠠᠺᠼᠢᠨ ᠢ ᠲᠠᠷᠢᠬᠤ ᠠᠮᠤᠷ ᠲᠦᠪᠰᠢᠨ ᠤ ᠪᠠᠳᠤᠯᠠᠭ᠎ᠠ ᠶᠢᠨ ᠠᠵᠢᠯ ᠢ ᠰᠠᠶᠢᠳᠤᠷ ᠬᠢᠬᠦ ᠶᠢᠨ  ᠲᠦᠯᠦᠭᠡ᠂ ᠲᠤᠤᠷᠠᠬᠢ ᠭᠡᠳᠤᠨ ᠵᠦᠢᠯ ᠤᠨ ᠠᠷᠭ᠎ᠠ ᠬᠡᠮᠵᠢᠶ᠎ᠡ ᠶᠢ  ᠠᠪᠴᠦ ᠪᠠᠶᠢᠨ᠎ᠠ᠄ ᠨᠢᠭᠡ ᠳᠤ᠂ ᠸᠠᠺᠼᠢᠨ ᠲᠠᠷᠢᠬᠤ ᠴᠡᠭ ᠨᠢ ᠸᠠᠺᠼᠢᠨ ᠲᠠᠷᠢᠬᠤ ᠨᠦᠬᠦᠴᠡᠯ ᠳᠤ ᠨᠡᠶᠢᠴᠡᠬᠦ ᠪᠦᠭᠡᠳ ᠪᠠᠰᠠ ᠡᠮᠴᠢᠯᠡᠭᠡᠨ ᠤ ᠠᠪᠤᠷᠠᠨ ᠵᠠᠰᠠᠬᠤ ᠨᠦᠬᠦᠴᠡᠯ ᠢ ᠪᠦᠷᠢᠯᠳᠦᠬᠦᠯᠬᠦ ᠬᠡᠷᠡᠭᠳᠠᠢ ᠭᠡᠵᠦ ᠱᠠᠭᠠᠷᠳᠠᠪᠠ︔ ᠬᠤᠶᠠᠷ ᠲᠤ᠂ ᠡᠯ᠎ᠡ ᠭᠠᠵᠠᠷ ᠤᠨ ᠬᠢᠨ ᠢ ᠸᠠᠺᠼᠢᠨ‌‍ᠲ᠋ᠠᠷᠢᠬᠤ ᠨᠢᠭᠡᠴᠢ ᠶᠢ ᠭᠡᠳᠤᠨ ᠤᠷᠤᠨ ᠪᠦᠰᠡ ᠪᠤᠯᠭᠠᠨ ᠬᠤᠪᠢᠶᠠᠵᠤ᠂ ᠬᠤᠶᠠᠳᠤᠭᠠᠷ ᠲᠡᠰ ᠠᠴᠠ ᠲᠡᠭᠡᠭᠰᠢᠬᠢ ᠶᠡᠷᠤᠩᠭᠡᠶᠢᠯᠡᠭᠰᠡᠨ‌ᠡᠮᠨᠡᠯᠭᠡ ᠶᠢᠨ ᠬᠤᠷᠢᠶᠠᠨ ᠤ ᠬᠠᠷᠢᠭᠤᠴᠠᠯᠭᠠᠳᠠᠨ ᠭᠡᠳᠤᠨ ᠲᠠᠷᠢᠬᠤ ᠨᠢᠭᠡᠴᠢ ᠶᠢᠨ ᠡᠮᠴᠢᠯᠡᠭᠡᠨ ᠤ ᠪᠠᠳᠤᠯᠠᠭ᠎ᠠ ᠶᠢᠨ ᠠᠵᠢᠯ ᠢ‌ᠬᠠᠷᠢᠭᠤᠴᠠᠬᠤ ᠬᠡᠷᠡᠭᠳᠠᠢ ᠭᠡᠵᠦ ᠱᠠᠭᠠᠷᠳᠠᠪᠠ᠃ ᠲᠠᠷᠢᠯᠭ᠎ᠠ ᠲᠠᠷᠢᠭᠤᠯᠬᠤ ᠬᠦᠮᠦᠰ ᠡᠮᠴᠢᠯᠡᠭᠡᠨ ᠤ ᠠᠵᠢᠯᠳᠠᠨ ᠳᠤ ᠪᠡᠶ᠎ᠡ ᠶᠢᠨ ᠡᠷᠡᠬᠦᠯ‌ᠮᠠᠨᠳᠤ ᠶᠢᠨ ᠪᠠᠶᠢᠳᠠᠯ ᠢᠶᠠᠨ ᠦᠨᠡᠨ ᠪᠤᠳᠠᠳᠠᠢ ᠪᠠᠷ ᠲᠤᠰᠬᠠᠵᠤ᠂ ᠲᠠᠷᠢᠯᠭ᠎ᠠ ᠲᠠᠷᠢᠬᠰᠡᠨ ᠤ ᠲᠠᠷᠠᠭ᠎ᠠ ᠲᠠᠷᠢᠬᠤ ᠴᠡᠭ ᠲᠤ 30 ᠮᠢᠨᠦ᠋ᠲ ᠬᠦᠯᠢᠶᠠᠨ ᠠᠵᠢᠬᠯᠠᠬᠤ ᠬᠡᠷᠡᠭᠳᠠᠢ ᠭᠡᠵᠦ ᠰᠠᠨᠠᠭᠤᠯᠪᠠ᠃                    ᠸᠠᠺᠼᠢᠨ ᠲᠠᠷᠢᠪᠠᠯ ᠭᠡᠳᠤᠢ ᠬᠤᠭᠤᠴᠠᠭ᠎ᠠ ᠦᠢᠯᠡᠳᠦᠯ ᠦᠵᠡᠭᠦᠯᠵᠦ ᠴᠢᠳᠠᠬᠤ ᠪᠤᠢ︖                    ᠽᠧᠩ ᠢ ᠰᠢᠨ᠂ ᠰᠢᠨ᠎ᠡ ᠳᠢᠳᠢᠮᠯᠢᠭ ᠸᠢᠷᠦ᠋ᠰ ᠢᠯᠡᠷᠡᠭᠡᠳ ᠨᠢᠭᠡ ᠵᠢᠯ ᠴᠦ ᠪᠤᠯᠤᠭ᠎ᠠ ᠦᠭᠡᠢ ᠪᠠᠶᠢᠨ᠎ᠠ᠂ ᠡᠶᠢᠮᠦ ᠡᠴᠠ‌‍ᠸᠠᠺᠼᠢᠨ ᠭᠡᠳᠤᠢ ᠤᠷᠳᠤ ᠬᠤᠭᠤᠴᠠᠭ᠎ᠠ ᠪᠠᠷ ᠦᠢᠯᠡᠳᠤᠯ ᠦᠵᠡᠬᠦᠯᠵᠤ ᠲᠠᠶᠢᠯᠬᠦ ᠶᠢ ᠮᠡᠳᠡᠬᠦ ᠦᠭᠡᠢ ᠪᠠᠶᠢᠬᠰᠠᠭᠠᠷ᠂ ᠬᠡᠪᠡᠴᠤ ᠤᠳᠤᠬᠠᠨ ᠤ ᠲᠤᠭ᠎ᠠ ᠪᠠᠷᠢᠮᠳᠠ ᠳᠤ ᠬᠠᠷᠠᠭᠤᠯᠤᠬᠰᠡᠨ ᠢᠶᠠᠷ᠂ ᠸᠠᠺᠼᠢᠨ ᠤ ᠬᠠᠮᠠᠭᠠᠯᠠᠯᠳᠠ ᠶᠢᠨ ᠬᠤᠭᠤᠴᠠᠭ᠎ᠠ ᠨᠢ ᠬᠠᠭᠠᠰ ᠵᠢᠯ ᠡᠴᠠ‌‍ᠲ᠋ᠡᠭᠡᠭᠰᠢ ᠪᠠᠶᠢᠬᠤ ᠨᠢ ᠰᠡᠵᠢᠭᠯᠡᠰᠢ ᠦᠭᠡᠢ ᠶᠤᠮ ᠭᠡᠵᠤ ᠬᠡᠯᠡᠪᠡ᠃                      ᠽᠧᠩ ᠢ ᠰᠢᠨ᠂ ᠡᠨᠡ ᠵᠢᠯ ᠤᠨ ᠲᠡᠭᠡᠷ᠎ᠡ ᠬᠠᠭᠠᠰ ᠵᠢᠯ ᠳᠤ᠂ ᠮᠠᠨ ᠤ ᠤᠯᠤᠰ ᠤᠨ ᠵᠠᠷᠢᠮ ᠸᠠᠺᠼᠢᠨ Ⅰᠬᠤᠭᠤᠴᠠᠭ᠎ᠠ᠂ Ⅱ ᠬᠤᠭᠤᠴᠠᠭᠠᠨ ᠤ ᠡᠮᠴᠢᠯᠡᠭᠡᠨ ᠤ  ᠲᠤᠷᠰᠢᠯᠳᠠ ᠶᠢ ᠡᠬᠢᠯᠡᠬᠦᠯᠵᠤ᠂ ᠮᠠᠰᠢ ᠤᠯᠠᠨ ᠰᠠᠶᠢᠨ ᠲᠤᠷᠠᠴᠤᠳ ᠤᠷᠤᠯᠴᠠᠪᠠ᠂ ᠲᠤᠭ᠎ᠠ ᠪᠠᠷᠢᠮᠳᠠ ᠳᠤ ᠬᠠᠷᠠᠭᠤᠯᠤᠬᠰᠡᠨ ᠢᠶᠠᠷ᠂ ᠡᠳᠡᠭᠡᠷ ᠰᠠᠶᠢᠨ ᠲᠤᠷᠠᠴᠤᠳ ᠤᠨ ᠡᠰᠡᠷᠬᠦᠴᠡᠭᠴᠢ ᠪᠡᠶ᠎ᠡ ᠨᠢ  ᠮᠦᠨ ᠬᠦ ᠤᠷᠤᠰᠢᠬᠰᠠᠭᠠᠷ ᠪᠠᠶᠢᠨ᠎ᠠ ᠭᠡᠵᠤ ᠲᠠᠨᠢᠯᠴᠠᠭᠤᠯᠪᠠ᠃                    ᠡᠬᠦᠨ ᠠᠴᠠ ᠭᠠᠳᠠᠨ᠎ᠠ ᠮᠠᠰᠢ ᠤᠯᠠᠨ ᠡᠮᠴᠢᠯᠡᠭᠡᠨ ᠤ ᠪᠠᠶᠢᠭᠤᠯᠤᠮᠵᠢ ᠴᠦ ᠡᠷᠡᠬᠦᠯᠵᠢᠭᠡᠳ ᠡᠮᠨᠡᠯᠭᠡ ᠠᠴᠠ ᠭᠠᠷᠤᠭᠰᠠᠨ ᠰᠢᠨ᠎ᠠ ᠳᠢᠳᠢᠮᠯᠢᠭ ᠠᠭᠤᠰᠬᠢᠨ  ᠦᠷᠪᠢᠰᠤᠯ ᠤᠨ ᠡᠪᠡᠳᠴᠢᠳᠡᠨ ᠳᠤ ᠪᠠᠶᠢᠴᠠᠭᠠᠯᠳᠠ ᠬᠢᠪᠠ᠃  ᠱᠧᠨᠵᠧᠨ  ᠬᠤᠳᠠ ᠶᠢᠨ ᠬᠠᠯᠳᠠᠪᠤᠷᠢᠳᠦ ᠡᠪᠡᠳᠴᠢᠨ ᠤ ᠡᠮᠨᠡᠯᠭᠡ ᠶᠢᠨ ᠬᠤᠷᠢᠶ᠎ᠠ ᠡᠮᠨᠡᠯᠭᠡ ᠠᠴᠠ ᠭᠠᠷᠤᠭᠰᠠᠨ 400 ᠭᠠᠷᠤᠢ ᠡᠪᠡᠳᠴᠢᠳᠡᠨ ᠳᠤ ᠰᠤᠭᠤᠴᠢᠨ‌‍ᠪᠠᠶᠢᠴᠠᠭᠠᠯᠳᠠ ᠬᠢᠭᠰᠡᠨ ᠤ ᠦᠷ᠎ᠠ ᠳ᠋ᠦᠩ ᠳᠤ᠂ ᠬᠠᠮᠤᠭ ᠡᠷᠳᠡ ᠡᠮᠨᠡᠯᠭᠡ ᠠᠴᠠ ᠭᠠᠷᠤᠭᠰᠠᠨ  ᠡᠪᠡᠳᠴᠢᠳᠡᠨ ᠤ  ᠪᠡᠶ᠎ᠠ ᠳᠤ  10 ᠰᠠᠷ᠎ᠠ ᠶᠢᠨ ᠲᠠᠷᠠᠭ᠎ᠠ ᠮᠦᠨ ᠡᠰᠡᠷᠬᠦᠴᠡᠭᠴᠢ ᠪᠡᠶ᠎ᠠ ᠤᠷᠤᠰᠢᠵᠦ ᠪᠠᠶᠢᠨ᠎ᠠ᠃                      ᠬᠠᠯᠳᠠᠪᠤᠷᠢᠳᠤ ᠲᠠᠬᠰᠢᠭᠤᠷ ᠤᠨ ᠸᠠᠺᠼᠢᠨ ᠰᠢᠭ ᠵᠢᠯ ᠪᠦᠷᠢ ᠨᠢᠭᠡ ᠤᠳᠠᠭ᠎ᠠ ᠲᠠᠷᠢᠬᠤ ᠴᠢᠬᠤᠯᠠᠳᠠᠢ ᠤᠤ︖ ᠽᠧᠩ ᠢ ᠰᠢᠨ᠂ ᠬᠠᠯᠳᠠᠪᠤᠷᠢᠳᠤ ᠲᠠᠬᠰᠢᠭᠤᠷ ᠤᠨ ᠸᠢᠷᠦ᠋ᠰ ᠤᠨ ᠤᠨᠳᠤᠤᠰᠢᠵᠦ ᠬᠤᠪᠢᠷᠠᠬᠤ ᠨᠢ ᠲᠦᠷᠭᠡᠨ ᠠᠴᠠ ᠪᠤᠯᠵᠤ ᠸᠠᠺᠼᠢᠨ ᠢ ᠴᠠᠭ ᠲᠤᠬᠠᠢ ᠳᠤᠨᠢ ᠲᠤᠬᠢᠷᠠᠭᠤᠯᠬᠤ ᠭᠡᠷᠡᠭᠳᠠᠢ᠂ ᠬᠠᠷᠢᠨ ᠬᠠᠯᠳᠠᠪᠤᠷᠢᠳᠤ   ᠲᠠᠬᠰᠢᠭᠤᠷ ᠤᠨ  ᠸᠠᠺᠼᠢᠨ ᠤ  ᠬᠠᠮᠠᠭᠠᠯᠠᠯᠳᠠ ᠵᠢᠨ‌ᠬᠤᠭᠤᠴᠠᠭ᠎ᠠ ᠨᠢ ᠨᠢᠭᠡ ᠵᠢᠯ ᠭᠡᠰᠡᠨ ᠦᠭᠡ ᠪᠢᠰᠢ᠃ ᠤᠳᠤᠬᠠᠨ ᠤ ᠪᠠᠶᠢᠳᠠᠯ ᠢ ᠦᠨᠳᠤᠰᠤᠯᠡᠨ ᠵᠢᠱᠢᠪᠡᠯ᠂  ᠬᠠᠭᠠᠰ  ᠵᠢᠯ  ᠪᠤᠶᠤ ᠨᠢᠭᠡ ᠵᠢᠯ ᠳᠤ ᠲᠠᠬᠢᠨᠳᠠ ᠸᠠᠺᠼᠢᠨ ᠲᠠᠷᠢᠬᠤ ᠪᠤᠯᠤᠯᠴᠠᠭ᠎ᠠ ᠦᠭᠡᠢ ᠭᠡᠵᠤ ᠬᠡᠯᠡᠪᠡ᠃                    ᠸᠠᠺᠼᠢᠨ ᠤ ᠦᠨ᠎ᠡ ᠨᠢ ᠭᠡᠳᠦᠢ ᠪᠤᠢ︖                    ᠵᠧᠩ ᠵᠦᠩ ᠸᠧᠢ᠂ ᠸᠠᠺᠼᠢᠨ ᠤ ᠦᠨ᠎ᠡ ᠬᠠᠨᠭ᠍ᠰᠢ ᠨᠢ ᠡᠩ ᠲᠡᠷᠢᠬᠦᠨ ᠳᠤ ᠠᠵᠤ ᠠᠬᠤᠢᠢᠯᠠᠯ ᠢᠶᠠᠷ  ᠭᠤᠤᠯ  ᠴᠤᠬᠴᠠ ᠪᠤᠯᠭᠠᠬᠰᠡᠨ ᠪᠤᠯᠪᠠᠴᠤ ᠭᠡᠳᠤᠨ ᠵᠠᠷᠴᠢᠮ ᠢ ᠪᠠᠰᠠ ᠡᠷᠬᠡᠪᠰᠢ ᠵᠢᠷᠤᠮᠯᠠᠬᠤ ᠭᠡᠷᠡᠭᠳᠠᠢ᠂ ᠨᠢᠭᠡᠳᠤᠭᠡᠷ ᠲᠤ᠂ ᠤᠯᠠᠨ ᠨᠠᠶᠢᠳᠠ ᠶᠢᠨ ᠦᠢᠯᠡᠳᠭᠦᠨ ᠤ ᠰᠢᠨᠵᠢ ᠴᠢᠨᠠᠷ ᠤᠨ ᠵᠠᠷᠴᠢᠮ ᠪᠤᠯᠤᠨ᠎ᠡ᠃ ᠤᠯᠠᠨ ᠨᠠᠶᠢᠳᠠ ᠶᠢᠨ ᠦᠢᠯᠡᠳᠭᠦᠨ ᠤ ᠰᠢᠨᠵᠢ ᠴᠢᠨᠠᠷ ᠲᠠᠢ ᠪᠤᠯᠬᠤᠷ ᠡᠴᠤᠰ ᠤᠨ ᠦᠨ᠎ᠡ ᠲᠤᠬᠳᠠᠭᠠᠬᠤ ᠦᠨᠳᠤᠰᠤᠯᠡᠯ ᠨᠢ ᠦᠪᠡᠷ ‍ᠤᠨ‌ᠦᠷᠳᠡᠭ ᠪᠠᠶᠢᠬᠤ ᠶᠤᠰᠤᠳᠠᠢ ᠭᠡᠵᠤ ᠢᠯᠡᠳᠭᠡᠪᠡ᠃                       ᠵᠧᠩ ᠵᠦᠩ ᠸᠧᠢ᠂ ᠦᠢᠯᠡᠳᠪᠤᠷᠢᠯᠡᠯ ᠤᠨ ᠬᠡᠪᠴᠢᠶ᠎ᠡ ᠪᠠ ᠭᠡᠷᠡᠭᠯᠡᠭᠦ ᠬᠡᠪᠴᠢᠶᠠᠨ ᠤ ᠦᠷᠭᠡᠵᠢᠬᠦ ᠶᠢ ᠲᠠᠭᠠᠯᠳᠤᠨ᠂ ᠸᠠᠺᠼᠢᠨ ᠤ ᠦᠨ᠎ᠡ ᠬᠠᠨᠭ᠍ᠰᠢ ᠴᠦ  ᠬᠤᠪᠢᠷᠠᠯᠳᠠ ᠲᠠᠢ ᠪᠤᠯᠤᠨ᠎ᠡ᠃ ᠸᠠᠺᠼᠢᠨ ᠤ ᠲᠠᠭᠠᠯᠳᠤᠭᠤᠯᠤᠯ ᠨᠦᠬᠦᠴᠡᠯ ᠨᠢ ᠵᠠᠬ᠎ᠠ‌‍ᠲ᠋ᠡᠯᠭᠡᠬᠦᠷ ᠲᠤ ᠭᠠᠷᠬᠤ ᠵᠦᠪᠰᠢᠶᠡᠷᠡᠯ ᠢ ᠤᠯᠪᠠᠯ᠂ ᠬᠠᠷᠠᠭᠠᠯᠵᠠᠬᠰᠠᠨ ᠦᠨ᠎ᠡ  ᠬᠠᠨᠭ᠍ᠰᠢ ᠶᠢᠨ  ᠲᠤᠬᠳᠠᠴᠠ ᠶᠢ  ᠪᠦᠷᠢᠯᠳᠦᠬᠦᠯᠬᠦ‌‍ᠪᠤᠯᠤᠨ᠎ᠡ ᠭᠡᠵᠤ ᠬᠡᠯᠡᠪᠡ᠃                    ᠸᠠᠺᠼᠢᠨ ᠢ ᠲᠠᠷᠢᠬᠰᠡᠨ ᠤ ᠲᠠᠷᠠᠭ᠎ᠠ ᠪᠠᠰᠠ ᠬᠤᠪᠢ  ᠬᠦᠮᠦᠨ ᠤ ᠰᠡᠷᠭᠡᠶᠢᠯᠡᠯᠳᠡ  ᠬᠠᠮᠠᠭᠠᠯᠠᠯᠳᠠ ᠶᠢ  ᠰᠠᠶᠢᠳᠤᠷ  ᠬᠢᠬᠦ‌‍ᠴᠢᠬᠤᠯᠠᠳᠠᠢ ᠤᠤ︖                      ᠽᠧᠩ ᠢ ᠰᠢᠨ᠂ ᠤᠳᠤᠬᠠᠨ ᠪᠤᠯᠳᠠᠯ᠎ᠡ᠂ ᠶᠠᠮᠠᠷᠪᠠ ᠸᠠᠺᠼᠢᠨ ᠤ ᠬᠠᠮᠠᠭᠠᠯᠠᠯᠳᠠ ᠶᠢᠨ ᠨᠤᠷᠮ᠎ᠡ ᠨᠢ ᠵᠠᠭᠤᠨ ᠤ ᠵᠠᠭᠤ ᠳᠤ ᠬᠦᠷᠴᠦ ᠲᠠᠶᠢᠯᠬᠦ ᠦᠭᠡᠢ ᠪᠠᠶᠢᠨ᠎ᠠ᠂ ᠡᠶᠢᠮᠤ ᠠᠴᠠ᠂ ᠸᠠᠺᠼᠢᠨ ᠢ ᠲᠠᠷᠢᠬᠰᠡᠨ ᠤ ᠲᠠᠷᠠᠭ᠎ᠠ ᠰᠡᠷᠭᠡᠶᠢᠯᠡᠯᠳᠡ ᠬᠠᠮᠠᠭᠠᠯᠠᠯᠳᠠ ᠵᠢᠨ‌ᠠᠷᠭ᠎ᠠ ᠬᠡᠮᠵᠢᠶ᠎ᠡ ᠪᠠᠨ ᠰᠤᠯᠠᠷᠠᠭᠤᠯᠬᠤ ᠦᠭᠡᠢ ᠪᠠᠶᠢᠪᠠᠯ ᠰᠠᠶ᠋ᠢ ᠠᠮᠤᠷ  ᠲᠦᠪᠰᠢᠨ ᠢ ᠨᠡᠩ ᠰᠠᠶᠢᠨ ᠪᠠᠳᠤᠯᠠᠵᠤ ᠴᠢᠳᠠᠨ᠎ᠡ᠃ ᠸᠠᠺᠼᠢᠨ ᠢ ᠲᠠᠷᠢᠬᠰᠡᠨ ᠤ ᠲᠠᠷᠠᠭ᠎ᠠ᠂ ᠤᠯᠠᠨ ᠢᠶᠠᠷ ᠢᠶᠠᠨ ᠠᠮᠠᠪᠴᠢ ᠵᠡᠬᠦᠬᠦ᠂ ᠭᠠᠷ ᠢᠶᠠᠨ ᠦᠷᠬᠦᠯᠵᠢ ᠤᠬᠢᠶᠠᠬᠤ᠂  ᠨᠡᠶᠢᠭᠡᠮ ‍ᠤᠨ‌ᠬᠠᠷᠢᠯᠴᠠᠭᠠᠨ ᠤ ᠵᠠᠢ ᠪᠠᠨ ᠪᠠᠳᠤᠯᠬᠠᠤ ᠵᠡᠷᠭᠡ ᠰᠠᠶᠢᠨ ᠰᠠᠶᠢᠬᠠᠨ ᠲᠠᠳᠬᠠᠯ ᠢ ᠪᠠᠭᠳᠠᠭᠠᠬᠰᠡᠨ ᠬᠤᠪᠢ ᠬᠦᠮᠦᠨ ᠤ ᠰᠡᠷᠭᠡᠶᠢᠯᠡᠯᠳᠡ ᠬᠠᠮᠠᠭᠠᠯᠠᠯᠳᠠ ᠶᠢᠨ ᠠᠷᠭ᠎ᠠ ᠬᠡᠮᠵᠢᠶ᠎ᠡ ᠪᠠᠨ ᠦᠷᠬᠦᠯᠵᠢᠯᠡᠨ ᠪᠠᠳᠤᠯᠠᠬᠤ ᠶᠢ ᠱᠠᠭᠠᠷᠳᠠᠵᠤ ᠪᠠᠶᠢᠨ᠎ᠡ ᠭᠡᠵᠤ ᠬᠡᠯᠡᠪᠡ᠃                      ︵ᠰᠢᠨᠬᠤᠸᠠ ᠬᠤᠷᠢᠶᠠᠨ ᠤ ᠪᠡᠭᠡᠵᠢᠩ ᠤᠨ 12 ᠰᠠᠷ᠎ᠡ ᠶᠢᠨ 19᠎ ᠤ ᠴᠠᠬᠢᠯᠭᠠᠨ ᠮᠡᠳᠡᠭᠡ ᠠᠴᠠ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号