ᠦᠨᠢᠶᠡᠨ ᠰᠦ ᠶᠢᠨ ᠭᠠᠶᠢᠬᠠᠮᠰᠢᠭᠲᠤ ᠦᠢᠯᠡᠳᠦᠯ
ᠨᠡᠶᠢᠲᠡᠯᠡᠭᠰᠡᠨ ᠴᠠᠭ᠄
2017/6/29
       ᠵᠢᠭᠠᠰᠤ ᠪᠠᠨ ᠬᠠᠭᠠᠷᠢᠬᠤ ᠠᠴᠠ ᠡᠮᠦᠨ᠎ᠡ ᠦᠨᠢᠶᠡᠨ ᠰᠦ ᠳᠤ ᠲᠦᠷ ᠲᠡᠪᠲᠦᠭᠡᠪᠡᠯ ᠰᠢᠩᠭᠡᠭ ᠦᠨᠦᠷ ᠢ ᠠᠷᠢᠯᠭᠠᠬᠤ ᠪᠦᠭᠡᠳ ᠤᠯᠠᠮ ᠰᠢᠨ᠎ᠡ ᠰᠣᠷᠭᠤᠭ ᠦᠨᠦᠷ ᠠᠮᠲᠠ ᠲᠠᠢ ᠪᠣᠯᠭᠠᠳᠠᠭ᠃            ᠨᠢᠭᠡ ᠴᠣᠮᠣ ᠦᠨᠢᠶᠡᠨ ᠰᠦ ᠤᠤᠭᠤᠪᠠᠯ ᠠᠮᠠᠨ ᠲᠣᠲᠣᠷᠠᠬᠢ ᠰᠠᠷᠢᠮᠰᠠᠭ ᠤᠨ ᠦᠨᠦᠷ ᠠᠷᠢᠯᠴᠢᠬᠠᠨ᠎ᠠ᠃              ᠬᠡᠷᠪᠡ ᠴᠠᠭᠠᠨ ᠴᠠᠮᠴᠠᠨ ᠳᠡᠭᠡᠷ᠎ᠡ ᠠᠷᠢᠬᠢ ᠠᠰᠬᠠᠪᠠᠯ ᠪᠤᠴᠠᠯᠤᠭᠰᠠᠨ ᠦᠨᠢᠶᠡᠨ ᠰᠦ ᠳᠤ ᠠᠯᠴᠢᠭᠤᠷ ᠳᠦᠷᠦᠵᠦ ᠠᠷᠴᠢᠪᠠᠯ ᠠᠷᠢᠯᠴᠢᠬᠠᠨ᠎ᠠ᠃            ᠠᠮᠲᠠ ᠨᠢ ᠬᠤᠪᠢᠷᠠᠭᠰᠠᠨ ᠦᠨᠢᠶᠡᠨ ᠰᠦ ᠨᠢ ᠬᠤᠪᠴᠠᠰᠤᠨ ᠳᠡᠭᠡᠷᠡᠬᠢ ᠵᠢᠮᠢᠰ ᠤᠨ ᠣᠷᠣᠮ ᠢ ᠠᠷᠢᠯᠭᠠᠳᠠᠭ ᠂ ᠵᠢᠮᠢᠰ ᠤᠨ ᠣᠷᠣᠮ ᠳᠡᠭᠡᠷ᠎ᠡ ᠦᠨᠢᠶᠡᠨ ᠰᠦ ᠲᠦᠷᠬᠢᠭᠡᠳ ᠬᠡᠳᠦᠨ ᠴᠠᠭ ᠤᠨ ᠳᠠᠷᠠᠭ᠎ᠠ ᠤᠰᠤ ᠪᠠᠷ ᠤᠬᠢᠶᠠᠪᠠᠯ ᠳᠠᠷᠤᠢ ᠠᠷᠢᠯᠴᠢᠬᠠᠨ᠎ᠠ᠃       ᠦᠷᠯᠦᠭᠡ ᠪᠣᠰᠣᠭᠰᠠᠨ ᠤ ᠳᠠᠷᠠᠭ᠎ᠠ ᠨᠢᠳᠦ ᠴᠢᠨᠢ ᠬᠠᠪᠤᠳᠤᠭᠰᠠᠨ ᠪᠠᠶᠢᠪᠠᠯ ᠦᠨᠢᠶᠡᠨ ᠰᠦ ᠳᠡᠭᠡᠷ᠎ᠡ ᠪᠠᠭ᠎ᠠ ᠬᠡᠮᠵᠢᠶᠡᠨ ᠤ ᠽᠦ ᠪᠠ ᠪᠤᠴᠠᠯᠤᠭᠰᠠᠨ ᠤᠰᠤ ᠬᠢᠵᠦ ᠰᠫᠢᠷᠲ ᠬᠦᠪᠦᠩ ᠢᠶᠠᠷ ᠨᠢᠳᠦᠨ ᠤ ᠠᠨᠢᠰᠬ᠎ᠠ ᠳᠡᠭᠡᠷ᠎ᠡ ᠪᠠᠨ ᠳᠠᠬᠢᠨ ᠳᠠᠪᠲᠠᠨ 5 ᠮᠢᠨᠦ᠋ᠲ ᠲᠦᠷᠬᠢᠵᠦ ᠳᠠᠬᠢᠨ ᠬᠠᠯᠠᠭᠤᠨ ᠠᠯᠴᠢᠭᠤᠷ ᠲᠠᠯᠪᠢᠪᠠᠯ ᠬᠠᠪᠤᠳᠠᠷ ᠳᠣᠣᠷ᠎ᠠ ᠪᠠᠨ ᠪᠤᠴᠠᠴᠢᠬᠠᠳᠠᠭ᠃         ᠱᠠᠬᠠᠢ ᠶᠢᠨ ᠲᠤᠰᠤ ᠶᠢ ᠨᠡᠭᠡᠭᠡᠴᠢᠬᠡᠭᠡᠳ ᠤᠳᠠᠭᠠᠨ ᠲᠠᠯᠪᠢᠪᠠᠯ ᠠᠶᠠᠨᠳᠠᠭᠠᠨ ᠬᠠᠲᠠᠭᠤᠷᠠᠴᠢᠬᠠᠳᠠᠭ᠂ ᠬᠡᠷᠪᠡ ᠲᠣᠲᠣᠷ᠎ᠠ ᠨᠢ ᠬᠡᠳᠦᠨ ᠲᠤᠰᠤᠯ ᠦᠨᠢᠶᠡᠨ ᠰᠦ ᠲᠤᠰᠤᠭᠠᠪᠠᠯ ᠱᠠᠬᠠᠢ ᠶᠢᠨ ᠲᠤᠰᠤ  ᠵᠦᠭᠡᠯᠡᠷᠡᠴᠢᠬᠡᠳᠡᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号