ᠬᠤᠷ᠎ᠠ ᠶᠢᠨ ᠳᠠᠷᠠᠭᠠᠬᠢ ᠷᠠᠰᠢᠶᠠᠨᠲᠤ ᠭᠠᠴᠠᠭᠠᠨ ᠤ ᠬᠦᠭᠵᠢᠯ ᠬᠤᠷᠥᠶᠢᠯᠠᠭᠰᠠᠨ ᠰᠣᠶᠣᠯ ᠤᠨ ᠠᠵᠢᠯᠯᠠᠭ᠎ᠠ
ᠨᠡᠶᠢᠲᠡᠯᠡᠭᠰᠡᠨ ᠴᠠᠭ᠄
2020/8/3
     ᠬᠤᠷ᠎ᠠ ᠶᠢᠨ ᠰᠢᠮ᠎ᠡ ᠳᠤ ᠣᠮᠳᠠᠯᠠᠭᠳᠠᠭᠰᠠᠨ ᠰᠦᠨᠢᠳ ᠨᠣᠳᠤᠭ ᠮᠠᠨᠢ ᠠᠮᠢᠵᠢᠷᠠᠯ ᠤᠨ ᠬᠦᠴᠦᠨ ᠢᠶᠠᠷ ᠪᠢᠯᠬᠠᠭᠤᠯᠵᠦ᠂ ᠬᠠᠮᠤᠭ ᠮᠠᠯᠴᠢᠳ ᠤᠨ ᠮᠠᠩᠨᠠᠢ ᠨᠢ ᠳᠡᠨᠡᠶᠢᠨ ᠪᠠᠶᠠᠷ ᠤᠨ ᠢᠨᠢᠶᠡᠳᠦ ᠳᠣᠳᠣᠷᠠᠭᠠᠰᠦᠲᠠᠢ᠃ 7 ᠰᠠᠷ᠎ᠠ ᠶᠢᠨ31 ᠤ ᠡᠳᠦᠷ᠂ ᠡᠷᠢᠶᠡᠨᠨᠠᠭᠤᠷ ᠰᠤᠮᠤᠨ ᠤ ᠷᠠᠰᠢᠶᠠᠨᠲᠦ ᠭᠠᠴᠠᠭᠠᠨ ᠤ ᠰᠢᠨ᠎ᠡ ᠴᠠᠭ ᠦᠶ᠎ᠡ ᠶᠢᠨ ᠪᠣᠯᠪᠠᠰᠦᠨ ᠢ ᠦᠢᠯᠡᠳᠦᠯᠭᠡᠵᠢᠬᠦᠯᠬᠦ ᠦᠷᠳᠡᠭᠡ ᠨᠢ ︽ᠨᠣᠳᠤᠭ ᠣᠰᠦ ᠪᠠᠨ ᠬᠠᠶᠢᠷᠠᠯᠠᠶ᠎ᠠ︾ ᠬᠡᠮᠡᠬᠦ ᠣᠯᠠᠨ ᠳᠦᠮᠡᠨᠴᠢ ᠰᠣᠶᠣᠯ ᠤᠨ ᠬᠦᠳᠡᠯᠬᠡᠬᠡᠨ ᠢ ᠦᠷᠨᠢᠬᠦᠯᠵᠦ᠂ ᠳᠠᠯ᠎ᠠ ᠶᠢᠨ ᠮᠠᠯᠴᠢᠳ ᠨᠢ ᠪᠠᠶᠠᠷᠯᠠᠯᠳᠦᠨ ᠴᠤᠭᠯᠠᠷᠠᠵᠦ᠂ ᠵᠣᠯ ᠵᠢᠷᠭᠠᠯᠲᠦ ᠠᠮᠢᠳᠣᠷᠠᠯ ᠤᠨ ᠳᠠᠭᠤᠨ᠂ ᠦᠨᠳᠦᠰᠦᠳᠡᠨ ᠤ ᠪᠦᠯᠬᠦᠮᠳᠡᠯ ᠤᠨ ᠳᠠᠭᠤᠨ ᠢ ᠬᠠᠮᠳᠣᠪᠠᠷ ᠴᠢᠪᠬᠠᠳᠠᠨ ᠬᠦᠭᠯᠡᠷᠡᠬᠦᠯᠦᠯ᠎ᠡ᠃
     ᠬᠦᠳᠡᠯᠬᠡᠬᠡᠨ ᠳᠤ᠂ ︽ᠪᠦᠯᠬᠦᠮᠳᠡᠨ ᠬᠠᠪᠰᠣᠷᠠᠯᠴᠠᠵᠦ ᠬᠠᠮᠲᠦ ᠪᠠᠷ ᠬᠦᠭᠵᠢᠬᠦ︾ ᠦᠨᠳᠦᠰᠦᠳᠡᠨ ᠤ ᠪᠦᠯᠬᠦᠮᠳᠡᠯ  ᠤᠨ ᠭᠤᠣᠯ ᠰᠡᠳᠦᠪᠲᠦ ᠠᠵᠢᠯᠯᠠᠭ᠎ᠠ ᠶᠢ ᠦᠷᠨᠢᠬᠦᠯᠵᠦ᠂ ᠨᠠᠮ ᠤᠨ ᠦᠨᠳᠦᠰᠦᠳᠡᠨ ᠤ ᠳᠦᠷᠦ ᠶᠢᠨ ᠪᠣᠳᠣᠯᠭ᠎ᠠ᠂ ᠦᠨᠳᠦᠰᠦᠳᠡᠨ ᠤ ᠪᠦᠯᠬᠦᠮᠳᠡᠯ ᠳᠠᠪᠰᠢᠯᠳᠠ ᠶᠢᠨ ᠬᠠᠮᠢᠶ᠎ᠠ ᠪᠦᠬᠦᠢ ᠮᠡᠳᠡᠯᠬᠡ ᠶᠢᠨ ᠳᠣᠬᠠᠢ ᠣᠬᠠᠭᠤᠯᠣᠨ ᠳᠠᠶᠢᠯᠪᠣᠷᠢᠯᠡᠵᠦ᠂ ︽ᠭᠤᠷᠪᠠᠨ ᠰᠠᠯᠵᠦ ᠪᠣᠯᠣᠰᠢ ᠦᠭᠡᠢ︾ ᠣᠨᠣᠯ ᠣᠬᠠᠭᠳᠠᠭᠤᠨ ᠢ ᠬᠦᠮᠦᠰ ᠤᠨ ᠰᠡᠳᠬᠢᠯ ᠳᠤ ᠬᠠᠳᠠᠩᠰᠢᠭᠤᠯᠵᠦ᠂ ᠳᠣᠮᠳᠠᠳᠦ ᠶᠢᠨ ᠦᠨᠳᠦᠰᠦᠳᠡᠨ ᠤ ᠬᠠᠮᠲᠦ ᠶᠢᠨ ᠴᠣᠭᠴᠠ ᠶᠢᠨ ᠦᠵᠡᠯ ᠣᠬᠠᠮᠰᠠᠷ ᠢ ᠬᠦᠨᠵᠡᠭᠡᠶᠢᠷᠡᠭᠦᠯᠦᠭᠰᠡᠨ ᠪᠠᠶᠢᠨ᠎ᠠ᠃
     ᠬᠦᠳᠡᠯᠬᠡᠬᠡᠨ ᠨᠢ ᠪᠠᠰᠠ ︽ᠨᠣᠳᠤᠭ ᠣᠰᠣᠨ ᠤ ᠪᠠᠨ ᠬᠤᠪᠢᠷᠠᠯᠳᠠ ᠶᠢ ᠶᠠᠷᠢᠵᠦ᠂ ᠬᠦᠰᠡᠯ ᠵᠣᠷᠢᠯᠳᠡ ᠪᠠᠨ ᠶᠠᠷᠢᠯᠴᠠᠬᠤ︾ ᠡᠮᠡᠭᠳᠠᠶᠢᠴᠣᠳ ᠤᠨ ᠰᠡᠳᠬᠢᠯ ᠤᠨ ᠶᠠᠷᠢᠯᠴᠠᠭ᠎ᠠ ᠶᠢ ᠦᠷᠨᠢᠬᠦᠯᠵᠦ᠂ ᠪᠦᠰᠡᠬᠦᠶᠢᠴᠣᠳ ᠮᠠᠨᠢ ᠰᠢᠨ᠎ᠡ ᠴᠠᠭ ᠦᠶ᠎ᠡ ᠵᠢᠨ‌ᠣᠯᠣᠯᠳᠠ ᠳᠦᠷᠦᠭᠳᠡᠯ ᠵᠢᠴᠢ ᠵᠢᠷᠭᠠᠯᠲᠦ ᠠᠮᠢᠳᠣᠷᠠᠯ ᠪᠠᠨ ᠮᠠᠭᠳᠠᠨ ᠬᠦᠦᠷᠨᠢᠯᠳᠦᠵᠦ᠂ ᠦᠷᠬᠦᠯᠵᠢᠯᠡᠨ ᠵᠣᠯ ᠵᠢᠷᠭᠠᠯᠲᠦ ᠠᠮᠢᠳᠣᠷᠠᠯ ᠢᠶᠠᠨ ᠴᠣᠭᠴᠠᠯᠠᠨ᠂ ᠨᠡᠶᠢᠭᠡᠮ ᠳᠤ ᠬᠤᠪᠢ ᠨᠡᠮᠡᠷᠢ ᠪᠠᠨ ᠦᠵᠡᠬᠦᠯᠬᠦ ᠦᠵᠡᠯ ᠪᠣᠳᠣᠯ ᠢᠶᠠᠨ ᠳᠡᠯᠭᠡᠭᠰᠡᠨ ᠪᠠᠶᠢᠨ᠎ᠠ᠃      ᠭᠠᠴᠠᠭ᠎ᠠ ᠨᠢ ᠳᠡᠷᠢᠬᠦᠨ ᠤ ᠵᠢᠱᠢᠶᠡᠴᠢ ᠶᠢ ᠰᠣᠩᠭᠤᠨ ᠰᠢᠯᠭᠠᠷᠠᠭᠤᠯᠬᠤ ᠪᠠ ᠪᠣᠯᠪᠠᠰᠦᠨ ᠤ ᠦᠢᠯᠡᠳᠦᠯᠬᠡ ᠶᠢ ᠠᠪᠴᠠᠯᠳᠠᠭᠤᠯᠬᠤ ᠶᠢ ᠴᠢᠬᠤᠯᠠᠴᠢᠯᠠᠨ᠂ ᠬᠦᠳᠡᠯᠬᠡᠬᠡᠨ ᠳᠤ ᠪᠠᠨ ᠳᠠᠭᠠᠭᠤᠯᠣᠨ ᠴᠢᠨᠡᠭᠡᠯᠢᠭᠵᠢᠬᠦ ᠡᠷᠦᠬᠡ᠂ ᠰᠢᠯᠢᠳᠡᠭ ᠵᠠᠯᠠᠭᠤ᠂ ᠠᠮᠢ ᠠᠬᠤᠢ ᠶᠢᠨ ᠪᠣᠯᠪᠠᠰᠦᠨ ᠡᠷᠦᠬᠡ᠂ ᠰᠠᠶᠢᠨ ᠰᠠᠶᠢᠬᠠᠨ ᠭᠡᠷ ᠪᠦᠯᠢ᠂ ᠠᠷᠪᠢᠴᠢ ᠪᠣᠷᠣᠭᠵᠢᠭᠤᠨ ᠭᠡᠷ ᠪᠦᠯᠢ᠂ ᠠᠵᠢᠯᠴᠢ ᠬᠦᠳᠡᠯᠮᠦᠷᠢᠴᠢ ᠣᠳᠣᠨ ᠵᠡᠷᠬᠡ 7 ᠨᠡᠷ᠎ᠡ ᠮᠠᠯᠴᠢᠳ ᠢ ᠬᠦᠬᠢᠬᠦᠯᠦᠨ ᠱᠠᠩᠨᠠᠵᠦ᠂ ᠰᠢᠨ᠎ᠡ ᠴᠠᠭ ᠦᠶ᠎ᠡ ᠶᠢᠨ ᠮᠠᠯᠴᠢᠳ ᠤᠨ ᠰᠢᠨ᠎ᠡ ᠬᠡᠪ ᠰᠣᠷᠳᠠᠯ ᠢ ᠣᠯᠠᠮ ᠨᠢᠭᠡ ᠠᠯᠬᠤᠮ ᠳᠡᠬᠡᠭᠰᠢᠯᠡᠬᠦᠯᠬᠦ ᠶᠢ ᠠᠬᠢᠭᠤᠯᠣᠭᠰᠠᠨ ᠪᠠᠶᠢᠨ᠎ᠠ᠃
           ᠬᠦᠳᠡᠯᠬᠡᠬᠡᠨ ᠳᠤ ᠪᠠᠰᠠ ᠦᠨᠳᠦᠰᠦᠳᠡᠨ ᠤ ᠬᠤᠪᠴᠠᠰᠦ ᠵᠠᠰᠠᠯ ᠤᠨ ᠦᠵᠡᠬᠦᠯᠦᠯᠭᠡ ᠶᠢ ᠶᠠᠪᠣᠭᠳᠠᠭᠤᠯᠵᠦ᠂ ᠨᠢᠭᠡ ᠭᠡᠷ ᠪᠦᠯᠢ ᠶᠢᠨ ᠭᠤᠷᠪᠠᠨ ᠦᠶ᠎ᠡ ᠪᠠᠷ ᠢᠶᠠᠨ ᠬᠠᠮᠲᠦ ᠵᠢᠨ‌ᠬᠤᠪᠴᠠᠰᠦᠨ ᠤ ᠦᠵᠡᠭᠦᠯᠦᠯᠬᠡ ᠬᠢᠵᠦ᠂ ᠦᠨᠳᠦᠰᠦᠳᠡᠨ ᠤ ᠬᠤᠪᠴᠠᠰᠦ ᠵᠠᠰᠠᠯ ᠤᠨ ᠭᠤᠴᠦ ᠰᠠᠶᠢᠬᠠᠨ ᠵᠢᠴᠢ ᠦᠨᠳᠦᠰᠦᠳᠡᠨ ᠤ ᠰᠣᠶᠣᠯ ᠢᠶᠠᠷ ᠢᠶᠠᠨ ᠪᠠᠭ᠋ᠠᠷᠬᠠᠵᠦ᠂ ᠴᠢᠷᠢᠨᠳᠣᠷᠵᠢ ᠶᠢᠨ ᠭᠡᠷ ᠪᠦᠯᠢ ᠶᠢᠨ ᠬᠢᠨ ᠳᠡᠷᠢᠬᠦᠨ ᠱᠠᠩᠨᠠᠯ ᠢ ᠬᠦᠷᠳᠡᠵᠦ᠂ ᠬᠦᠷᠦᠭᠰᠡᠨ ᠣᠯᠠᠨ ᠤ ᠳᠠᠭᠠᠰᠢᠶᠠᠯ ᠢ ᠤᠯᠤᠭᠰᠠᠨ ᠪᠠᠶᠢᠨ᠎ᠠ᠃ ᠡᠬᠦᠨ ᠠᠴᠠ ᠭᠠᠳᠠᠨ᠎ᠠ᠂ ᠬᠦᠵᠦᠷ ᠨᠠᠭᠠᠳᠬᠤ᠂ ᠳᠡᠪᠡᠭ ᠰᠢᠳᠡᠬᠦ ᠵᠡᠷᠭᠡ ᠳᠣᠭᠯᠠᠭᠠᠮ ᠬᠦᠳᠡᠯᠬᠡᠬᠡᠨ ᠢ ᠦᠷᠨᠢᠬᠦᠯᠵᠦ᠂ ᠬᠦᠳᠡᠯᠬᠡᠬᠡᠨ ᠤ ᠠᠭᠤᠯᠭ᠎ᠠ ᠶᠢ ᠪᠠᠶᠠᠯᠢᠭᠵᠢᠭᠤᠯᠣᠭᠰᠠᠨ ᠪᠠᠶᠢᠨ᠎ᠠ᠃ᠷᠠᠰᠢᠶᠠᠨᠲᠦ ᠭᠠᠴᠠᠭᠠᠨ ᠤ ᠰᠢᠨ᠎ᠡ ᠴᠠᠭ ᠦᠶ᠎ᠡ ᠶᠢᠨ ᠪᠣᠯᠪᠠᠰᠦᠨ ᠢ ᠦᠢᠯᠡᠳᠦᠯᠭᠡᠵᠢᠬᠦᠯᠬᠦ ᠦᠷᠳᠡᠭᠡᠨ ᠤ ᠶᠠᠪᠣᠭᠳᠠᠭᠤᠯᠣᠭᠰᠠᠨ ᠡᠨᠡᠬᠦ ᠬᠦᠳᠡᠯᠬᠡᠬᠡᠨ ᠨᠢ᠂ ᠭᠠᠴᠠᠭᠠᠨ ᠤ ᠮᠠᠯᠴᠢᠨ ᠳᠦᠮᠡᠨ ᠤ ᠪᠠᠨ ᠢᠳᠡᠪᠬᠢᠵᠢᠯ ᠲᠠᠢ᠂ ᠬᠡᠪ ᠪᠣᠯᠪᠠᠰᠦᠷᠠᠯ ᠲᠠᠢ ᠳᠡᠷᠢᠬᠦᠨ ᠤ ᠬᠡᠪ ᠴᠢᠨᠠᠷ ᠢ ᠨᠡᠶᠢᠭᠡᠮ ᠨᠡᠶᠢᠳᠡ ᠳᠤ ᠬᠠᠷᠠᠭᠤᠯᠵᠦ᠂ ᠰᠢᠨ᠎ᠡ ᠴᠠᠭ ᠦᠶ᠎ᠡ ᠶᠢᠨ ᠪᠣᠯᠪᠠᠰᠦᠨ ᠢ ᠤᠯᠠᠮ ᠴᠢᠨᠠᠭᠰᠢᠳᠠ ᠦᠢᠯᠡᠳᠦᠯᠬᠡᠵᠢᠬᠦᠯᠬᠦ ᠶᠢ ᠠᠬᠢᠭᠤᠯᠣᠨ᠂ ᠬᠤᠶᠢᠰᠢᠳᠠ ᠶᠢᠨ ᠬᠦᠭᠵᠢᠯᠳᠡ ᠳᠠᠪᠰᠢᠯᠳᠠ ᠶᠢ ᠬᠤᠷᠥᠶᠢᠯᠠᠨ ᠪᠡᠯᠭᠡᠳᠡᠭᠰᠡᠨ ᠨᠢᠭᠡᠨ ᠣᠳᠠᠭᠠᠨ ᠤ ᠣᠳᠬ᠎ᠠ ᠳᠡᠭᠦᠯᠳᠡᠷ ᠬᠦᠳᠡᠯᠬᠡᠬᠡᠨ ᠪᠣᠯᠬᠤ ᠶᠣᠮ᠃ ︵ᠮᠡᠳᠡᠭᠡ ᠶᠢ ᠡᠷᠢᠶᠡᠨᠨᠠᠭᠤᠷ ᠰᠤᠮᠤ ᠬᠠᠩᠭᠠᠪᠠ︶
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号