ᠠᠴᠢᠳᠣᠠᠠᠭᠤᠯᠠ ᠰᠤᠮᠤᠨ ᠤ ᠬᠥᠬᠡᠪᠦᠷ ᠭᠠᠴᠠᠭ᠎ᠠ ᠠᠬᠠᠮᠠᠳ ᠨᠠᠮ ᠤᠨ ᠭᠡᠰᠢᠭᠦᠨ ᠢᠶᠠᠨ ᠲᠤᠬᠤᠨᠢᠭᠤᠯᠤᠨ᠂ ︽ᠰᠣᠷᠣᠯᠴᠠᠯᠭ᠎ᠠ ᠶᠢ ᠡᠷᠥᠬᠡ ᠳᠤ ᠬᠦᠷᠭᠡᠬᠦ︾ ᠰᠠᠶᠢᠨ ᠳᠤᠷ᠎ᠠ ᠶᠢᠨ ᠥᠢᠯᠡᠴᠢᠯᠡᠯᠭᠡᠨ ᠤ ᠠᠵᠢᠯᠯᠠᠭ᠎ᠠ ᠥᠷᠨᠢᠭᠦᠯᠥᠯ᠎ᠡ
ᠨᠡᠶᠢᠲᠡᠯᠡᠭᠰᠡᠨ ᠴᠠᠭ᠄
2020/8/20
     ᠣᠶᠢᠷ᠎ᠠ ᠶᠢᠨ ᠡᠳᠥᠷ᠂ ᠠᠴᠢᠳᠣᠠᠠᠭᠤᠯᠠ ᠰᠤᠮᠤᠨ ᠤ ᠬᠥᠬᠡᠪᠦᠷ ᠭᠠᠴᠠᠭᠠᠨ ᠤ ︽ᠬᠤᠶᠠᠷ ᠵᠥᠪᠯᠡᠯ︾ ᠤᠨ ᠭᠡᠰᠢᠭᠦᠳ ᠭᠠᠴᠠᠭᠠᠨ ᠤ ᠠᠬᠠᠮᠠᠳ ᠨᠠᠮ ᠤᠨ ᠭᠡᠰᠢᠭᠦᠨ ᠢ ᠲᠣᠬᠤᠨᠢᠭᠤᠯᠵᠤ᠂ ︽ᠰᠣᠷᠣᠯᠴᠠᠯᠭ᠎ᠠ ᠶᠢ ᠡᠷᠥᠬᠡ ᠳᠤ ᠬᠦᠷᠭᠡᠬᠦ︾ ᠰᠠᠶᠢᠨ ᠳᠤᠷ᠎ᠠ ᠶᠢᠨ ᠥᠢᠯᠡᠴᠢᠯᠡᠯᠭᠡᠨ ᠤ ᠠᠵᠢᠯᠯᠠᠭ᠎ᠠ ᠥᠷᠨᠢᠭᠦᠯᠥᠯ᠎ᠡ᠃      74 ᠨᠠᠰᠤᠲᠠᠢ ᠠᠬᠠᠮᠠᠳ ᠨᠠᠮ ᠤᠨ ᠭᠡᠰᠢᠭᠦᠨ ᠴᠤᠭᠵᠢᠯ ᠨᠠᠮ ᠳᠤ ᠣᠷᠣᠭᠠᠳ ᠨᠢᠭᠡᠨᠳᠡ 38 ᠵᠢᠯ ᠪᠤᠯᠵᠠᠢ᠃ ᠨᠠᠰᠣᠳᠠᠨ ᠥᠩᠭᠡᠷᠡᠭᠰᠡᠨ ᠢᠶᠠᠨ ᠡᠷᠭᠢᠴᠡᠭᠦᠯᠵᠦ᠂ ᠨᠠᠮ ᠤᠨ ᠬᠡᠰᠢᠭᠦᠨ ᠳᠤ ᠡᠷᠡᠮᠵᠡᠯᠡᠭᠰᠡᠨ  ᠥᠩᠭᠡᠷᠡᠯᠳᠡ᠂ ᠥᠩᠭᠡᠷᠡᠭᠰᠡᠨ ᠥᠶ᠎ᠡ ᠶᠢᠨ ᠠᠮᠢᠳᠤᠷᠠᠯ ᠂ ᠠᠳᠠᠯᠢ ᠪᠤᠰᠤ ᠴᠠᠭ ᠦᠶ᠎ᠡ ᠶᠢᠨ ᠠᠬᠤᠶ ᠪᠠᠶᠢᠳᠠᠯ ᠪᠤᠯᠤᠨ ᠬᠤᠪᠢᠰᠣᠯ᠂ ᠨᠡᠶᠢᠭᠡᠮ ᠵᠢᠷᠣᠮᠳᠣ ᠵᠠᠮ ᠤᠨ ᠤᠯᠠ ᠮᠥᠷ᠂ ᠰᠢᠨ᠎ᠡ ᠴᠠᠭ ᠥᠶ᠎ᠡ ᠶᠢᠨ ᠲᠦᠷᠦ ᠶᠢᠨ ᠪᠤᠳᠤᠯᠭ᠎ᠠ᠂ ᠥᠩᠭᠡᠷᠡᠭᠰᠡᠨ ᠪᠤᠯᠤᠨ ᠣᠳᠣᠬᠢ ᠠᠮᠢᠳᠤᠷᠠᠯ ᠤᠨ ᠵᠥᠷᠢᠶ᠎ᠡ ᠶᠢ ᠬᠥᠤᠷᠨᠢᠨ ᠶᠠᠷᠢᠵᠤ᠂  ᠡᠪ ᠬᠠᠮᠳᠣ ᠨᠠᠮ ᠤᠨ ᠵᠢᠯᠤᠭᠤᠳᠤᠯᠭ᠎ᠠ ᠲᠤᠤᠷ᠎ᠠ᠂ ᠣᠳᠣ ᠶᠢᠨ ᠠᠮᠢᠳᠤᠷᠠᠯ ᠤᠨ ᠨᠥᠭᠦᠴᠡᠯ ᠤᠤᠯ ᠤᠨ ᠬᠢ ᠠᠴᠠ ᠢᠯᠡᠳᠳᠡ ᠰᠠᠶᠢᠵᠢᠷᠠᠵᠤ᠂ ᠬᠥᠮᠦᠰ ᠤᠨ ᠠᠮᠢᠳᠤᠷᠠᠯ ᠣᠯᠠᠮ ᠪᠠᠶᠠᠨ ᠴᠢᠨᠡᠭᠡᠯᠢᠭ᠂ ᠣᠳᠬ᠎ᠠ ᠠᠭᠤᠯᠭ᠎ᠠ ᠲᠠᠢ ᠪᠤᠯᠵᠤ ᠪᠠᠶᠢᠨ᠎ᠠ ᠭᠡᠵᠠᠢ᠃ ᠠᠬᠠᠮᠠᠳ ᠨᠠᠮ ᠤᠨ ᠬᠡᠰᠢᠭᠦᠳ ᠨᠢ ᠡᠪ ᠬᠠᠮᠲᠤ ᠨᠠᠮ ᠤᠨ ᠬᠥᠭᠵᠢᠨ ᠪᠤᠵᠠᠭᠠᠶᠢᠷᠠᠭᠴᠢ ᠶᠢᠨ ᠭᠡᠷᠡᠴᠢᠯᠡᠭᠴᠢ ᠮᠥᠷᠳᠡᠭᠡᠨ ᠰᠢᠨ᠎ᠡ ᠴᠠᠭ ᠦᠶ᠎ᠡ ᠶᠢᠨ ᠵᠠᠯᠠᠭᠤᠴᠤᠳ ᠤᠨ ᠦᠰᠦᠨ ᠪᠤᠶᠢᠵᠢᠭᠴᠢ ᠶᠢᠨ ᠭᠡᠷᠡᠴᠢᠯᠡᠭᠴᠢ  ᠪᠤᠯᠤᠨ᠎ᠠ᠃      ᠳᠠᠷᠠᠭ᠎ᠠ ᠨᠢ᠂ ᠭᠠᠴᠠᠭᠠᠨ ᠤ ᠨᠠᠮ ᠤᠨ ᠡᠭᠦᠷ ᠠᠴᠠ ︽ᠰᠣᠷᠣᠯᠴᠠᠯᠭ᠎ᠠ ᠶᠢ ᠡᠷᠥᠬᠡ ᠳᠤ ᠬᠦᠷᠭᠡᠬᠦ︾ ᠰᠠᠶᠢᠨ ᠳᠤᠷ᠎ᠠ ᠶᠢᠨ ᠥᠢᠯᠡᠴᠢᠯᠡᠯᠭᠡᠨ ᠤ ᠠᠵᠢᠯᠯᠠᠭ᠎ᠠ ᠥᠷᠨᠢᠭᠦᠯᠵᠦ᠂ ᠨᠠᠮ ᠤᠨ ᠡᠭᠦᠷ ᠤᠨ ᠱᠦᠵᠢ ᠡᠷᠬᠢᠮᠡᠷᠳᠡᠨᠢ ᠠᠴᠠ ᠮᠠᠯᠴᠢᠳ ᠤᠨ ᠠᠮᠢᠳᠤᠷᠠᠯ ᠥᠢᠯᠡᠳᠪᠥᠷᠢᠯᠡᠯ ᠲᠠᠢ ᠨᠢᠭᠳᠠ ᠬᠤᠯᠪᠤᠭᠳᠠᠬᠤ ᠬᠠᠤᠯᠢ ᠴᠠᠭᠠᠵᠠ ᠶᠢᠨ ᠬᠠᠮᠢᠶ᠎ᠠ ᠪᠦᠬᠦᠢ ᠲᠣᠭᠲᠠᠭᠠᠯ᠂ ᠲᠥᠷᠥ ᠶᠢᠨ ᠪᠣᠳᠣᠯᠭ᠎ᠠ ᠶᠢᠨ ᠬᠠᠮᠢᠶᠠᠳᠠᠢ ᠨᠤᠮ ᠰᠡᠳᠭᠦᠯ ᠢ ᠤᠩᠰᠢᠨ ᠥᠭᠴᠣ᠂ ᠤᠨᠤᠯ ᠤᠨ ᠮᠡᠳᠡᠯᠭᠡ ᠶᠢ ᠠᠬᠠᠮᠠᠳ ᠨᠠᠮ ᠤᠨ ᠭᠡᠰᠢᠭᠦᠨ ᠳᠤ ᠬᠥᠷᠭᠡᠨ᠂ ᠨᠠᠰᠣᠳᠠᠨ ᠤ ᠨᠠᠮ ᠤᠨ ᠵᠤᠬᠢᠶᠠᠨ ᠪᠠᠶᠢᠭᠤᠯᠤᠯᠳᠠ ᠳᠤ ᠬᠠᠷᠢᠶᠠᠯᠠᠭᠳᠠᠬᠤ ᠰᠡᠳᠬᠢᠯᠭᠡ ᠶᠢ ᠨᠡᠮᠡᠭᠳᠡᠭᠦᠯᠵᠦ᠂ ᠵᠣᠬᠢᠶᠠᠨ ᠪᠠᠶᠢᠭᠤᠯᠤᠯᠲᠠ ᠶᠢᠨ ᠬᠠᠶᠢᠷ᠎ᠠ ᠬᠠᠯᠠᠮᠵᠢ ᠶᠢ  ᠬᠥᠷᠳᠡᠭᠡᠵᠠᠢ᠃ ︵ᠮᠡᠳᠡᠭᠡᠯᠡᠭᠴᠢ᠄ ᠰᠣᠳᠣᠨ᠎ᠠ︶
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号