ᠡᠬᠡ ᠪᠢᠴᠢᠭ᠄ ᠰᠡᠷᠭᠦᠯᠡᠩ ᠵᠢᠷᠤᠭ᠄ ᠪᠤᠯᠤᠷᠮ᠎ᠠ | ᠬᠤᠰᠢᠭᠤ ᠴᠠᠬᠢᠯᠭᠠᠨ ᠬᠠᠩᠭᠠᠬᠤ ᠬᠤᠪᠢᠶᠠᠷᠢ ᠲᠤᠪᠴᠢᠶᠠᠨ ᠤ ᠥᠷᠭᠡᠨᠳᠠᠯᠠ ᠪᠠᠯᠭᠠᠰᠤᠨ ᠤ ᠴᠠᠬᠢᠯᠭᠠᠨ | ᠬᠠᠩᠭᠠᠬᠤ ᠦᠷᠳᠡᠭᠡᠨ ᠤ ᠳᠡᠳ᠋ ᠲᠠᠷᠤᠭ᠎ᠠ ᠵᠠᠩ ᠬᠠᠢ ᠴᠢᠤᠸᠠᠨ ᠦᠷᠳᠡᠭᠡᠨ ᠤ ᠠᠯᠪᠠᠨ ᠠᠵᠢᠯ ᠢ ᠰᠢᠢᠳᠪᠤᠷᠢᠯᠡᠬᠦ ᠪᠠᠷ | ᠪᠠᠷᠠᠬᠤ ᠦᠭᠡᠢ ᠪᠠᠰᠠ ᠡᠮᠤᠨ᠎ᠡ ᠹᠠᠷᠤᠨᠲ ᠲᠤ ᠬᠦᠷᠴᠦ ᠰᠠᠯᠪᠢᠨ ᠵᠠᠰᠠᠬᠤ ᠵᠡᠷᠭᠡ ᠠᠵᠢᠯ ᠢ ᠬᠠᠷᠢᠭᠤᠴᠠᠳᠠᠭ᠃ ᠲᠠᠷᠡ | ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠬᠡᠭᠵᠢᠭᠦᠯᠬᠦ︾ APP ᠶᠢᠨ 1601 ᠰᠡᠳᠤᠪ ᠢ 100 ᠮᠢᠨᠦ᠋ᠲ | ᠤᠨ ᠳᠤᠳᠤᠷ᠎ᠠ ᠪᠥᠬᠦᠨ ᠢ ᠵᠥᠪ ᠬᠠᠷᠢᠭᠤᠯᠵᠦ᠂ ᠰᠡᠳᠤᠪ ᠪᠥᠷᠢ ᠶᠢ ᠲᠤᠮᠳᠠᠴᠢ ᠪᠠᠷ 3 ᠰᠧᠺᠦ᠋ᠨ᠋ᠲ ᠬᠡᠷᠡᠭᠯᠡᠭᠰᠡᠨ | ᠪᠠᠶᠢᠬᠤ ᠨᠢ ᠤᠯᠠᠨ ᠳᠤ ᠱᠠᠭᠰᠢᠭᠳᠠᠨᠠ᠃ | | | | ᠰᠤᠷᠤᠯᠴᠠᠬᠤ ᠪᠤᠯ ᠨᠢᠭᠡ ᠵᠦᠢᠯ ᠤᠨ ᠳᠡᠳᠬᠠᠯ᠂ ᠲᠤᠰᠤᠯ ᠬᠤᠷᠠᠪᠠᠯ ᠲᠠᠯᠠᠢ ᠪᠤᠯᠤᠨ᠎ᠠ ᠭᠡᠳᠡᠭᠴᠢᠯᠡᠨ ᠵᠠᠩ | ᠬᠠᠢ ᠴᠢᠤᠸᠠᠨ ᠡᠳᠤᠷ ᠪᠥᠷᠢ ᠰᠤᠯᠠ ᠴᠠᠭ ᠭᠠᠷᠪᠠᠯ ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠬᠡᠭᠵᠢᠭᠦᠯᠬᠦ︾ | APP ᠶᠢ ᠨᠡᠭᠡᠭᠡᠵᠦ ᠰᠤᠷᠤᠯᠴᠠᠵᠦ ᠪᠠᠶᠢᠳᠠᠭ᠃ ᠵᠠᠩ ᠬᠠᠢ ᠴᠢᠤᠸᠠᠨ ᠰᠤᠷᠪᠤᠯᠵᠢᠯᠠᠭᠴᠢ ᠳᠤ᠄ ᠰᠡᠳᠤᠪ | ᠬᠠᠷᠢᠭᠤᠯᠬᠤ ᠨᠢ ᠶᠠᠭ ᠯᠡ ᠡᠯᠧᠺᠲᠷᠤᠨ ᠲᠤᠭᠯᠠᠭᠠᠮ ᠤᠨ ᠲᠠᠰ ᠲᠡᠪᠰᠢᠵᠦ ᠪᠠᠶᠢᠭ᠎ᠠ ᠮᠡᠳᠤ ᠦᠷᠢᠰᠦᠯᠳᠤᠭᠡᠨ ᠲᠠᠢ | ᠰᠠᠨᠠᠭᠳᠠᠳᠠᠭ᠃ ᠠᠷᠪᠢᠨ ᠰᠡᠳᠤᠪ ᠬᠢᠭᠡᠳ ᠢᠷᠡᠭᠦᠯᠡᠷ ᠠᠮᠠᠷᠬᠠᠨ ᠬᠤᠳᠬᠤᠯᠳᠤᠨᠠ᠂ ᠬᠠᠷᠢᠨ ᠪᠤᠷᠤᠭᠤᠳᠠᠳᠠᠭ ᠰᠡᠳᠤᠪ | ᠲᠡᠭᠡᠨ ᠴᠠᠭᠠᠷᠠᠵᠦ ᠲᠤᠷᠰᠢᠯᠭ᠎ᠠ ᠬᠤᠷᠠᠮᠳᠤᠭᠤᠯᠪᠠᠯ ᠤᠷᠤᠭᠰᠢᠲᠠᠢ ᠪᠠᠷ ᠪᠤᠭᠤᠮᠳᠠ ᠦᠩᠭᠡᠷᠡᠬᠦ ᠪᠤᠯᠤᠨ᠎ᠠ᠃︾ ᠭᠡᠵᠦ | ᠶᠠᠷᠢᠯ᠎ᠠ᠃ ᠵᠠᠩ ᠬᠠᠢ ᠴᠢᠤᠸᠠᠨ ᠲᠠᠮᠳᠡᠭᠯᠡᠯ ᠬᠢᠵᠦ᠂ ᠰᠡᠳᠤᠪ ᠢ ᠨᠠᠷᠢᠨ ᠵᠠᠳᠠᠯᠵᠦ᠂ ᠴᠡᠭᠡᠵᠢᠯᠡᠨ ᠳᠡᠪᠳᠡᠨᠠ᠃ | ᠴᠥᠭᠦᠷᠡᠰᠢ ᠦᠭᠡᠢ ᠰᠡᠳᠤᠪ ᠬᠢᠬᠦ ᠪᠠᠷ ᠳᠠᠮᠵᠢᠨ ᠬᠠᠮᠤᠭ ᠠᠩᠬᠠᠨ ᠤ 35 ᠰᠡᠳᠤᠪ ᠠᠴᠠ 550 ᠰᠡᠳᠤᠪ᠂ 677 | ᠰᠡᠳᠤᠪ ᠠᠴᠠ 1020 ᠰᠡᠳᠤᠪ᠂ ᠲᠠᠬᠢᠨ ᠡᠨᠡ ᠤᠳᠠᠭᠠᠨ ᠤ 1601 ᠰᠡᠳᠤᠪ ᠬᠦᠷᠳᠡᠯ᠎ᠡ ᠴᠥᠮ ᠨᠢᠭᠡᠯᠡ ᠤᠳᠠᠭ᠎ᠠ | ᠳᠤ ᠪᠥᠬᠦᠨ ᠢ ᠵᠥᠪ ᠬᠠᠷᠢᠭᠤᠯᠤᠭᠰᠠᠨ ᠰᠢᠯᠢᠳᠡᠭ ᠪᠥᠳᠦᠮᠵᠢ ᠶᠢ ᠡᠭᠦᠳᠵᠡᠢ᠃ ᠰᠤᠷᠤᠯᠴᠠᠬᠤ᠂ ᠰᠡᠳᠤᠪ | ᠬᠠᠷᠢᠭᠤᠯᠬᠤ ᠶᠠᠪᠤᠴᠠ ᠪᠤᠯ ᠬᠢᠯᠪᠠᠷ ᠪᠤᠰᠤ ᠶᠤᠮ᠂ ᠭᠡᠪᠡᠴᠦ ᠡᠨᠡ ᠨᠢ ᠲᠠᠭᠦᠨ ᠳᠤ ᠪᠠᠶᠠᠷ ᠪᠠᠭ᠋ᠠᠳᠤᠯ᠂ ᠤᠮᠤᠭᠰᠢᠯ᠂ | ᠤᠳᠬ᠎ᠠ ᠠᠭᠤᠯᠭ᠎ᠠ ᠤᠯᠭᠤᠵᠦ ᠪᠠᠶᠢᠳᠠᠭ᠃ | | | | | ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠬᠡᠭᠵᠢᠭᠦᠯᠬᠦ︾ APP ᠪᠠᠷ ᠰᠤᠷᠤᠯᠴᠠᠬᠤ ᠨᠢ ᠵᠠᠩ ᠬᠠᠢ | ᠴᠢᠤᠸᠠᠨ ᠤ ᠦᠵᠡᠯ ᠰᠠᠨᠠᠭ᠎ᠠ ᠤᠯᠤᠰ ᠲᠥᠷᠦ ᠶᠢᠨ ᠬᠢᠷᠢ ᠲᠥᠪᠰᠢᠨ ᠪᠠ ᠲᠤᠬᠠᠶᠢᠯᠠᠭᠰᠠᠨ ᠠᠵᠢᠯ ᠤᠨ ᠴᠢᠳᠠᠪᠤᠷᠢ | ᠪᠠᠨ ᠳᠡᠭᠡᠭᠰᠢᠯᠡᠬᠦᠯᠬᠦ ᠳᠤ ᠨᠢ ᠢᠳᠡᠪᠬᠢᠲᠠᠢ ᠨᠥᠯᠤᠭᠡ ᠦᠵᠡᠭᠦᠯᠤᠭ᠍ᠰᠡᠨ ᠪᠠᠷ ᠪᠠᠷᠠᠬᠤ ᠦᠬᠡᠢ ᠬᠠᠮᠳᠤ ᠠᠵᠢᠯᠯᠠᠭᠰᠠᠳ | ᠨᠢ ᠴᠤ ᠲᠡᠭᠦᠨ ᠠᠴᠠ ᠲᠠᠭᠠᠨ ᠰᠤᠷᠤᠯᠴᠠᠵᠦ᠂ ᠪᠠᠶᠢᠭᠤᠯᠭ᠎ᠠ ᠳᠤ ᠨᠢ ︽ᠰᠤᠷᠤᠯᠴᠠᠯᠭ᠎ᠠ ᠪᠠ ᠰᠡᠳᠤᠪ ᠬᠠᠷᠢᠭᠤᠯᠬᠤ︾ | ᠬᠠᠯᠠᠭᠤᠨ ᠥᠷᠨᠢᠯᠳᠠ ᠡᠬᠦᠰᠴᠦ᠂ ᠭᠦᠨ ᠵᠤᠵᠠᠭᠠᠨ ᠰᠤᠷᠤᠯᠴᠠᠬᠤ ᠠᠭᠤᠷ ᠠᠮᠢᠰᠬᠤᠯ ᠢ ᠪᠤᠢ ᠪᠤᠯᠭᠠᠭᠰᠠᠨ ᠪᠠᠶᠢᠨ᠎ᠠ᠃ | | | | | |