ᠰᠦᠨᠢᠳ ᠨᠤᠲᠤᠭ ᠤᠨ ᠮᠠᠯᠴᠢᠳ ᠰᠡᠳᠬᠢᠯ ᠲᠡᠨᠢᠭᠦᠨ ᠨᠠᠮᠤᠷᠵᠢᠨ᠎ᠠ
ᠨᠡᠶᠢᠲᠡᠯᠡᠭᠰᠡᠨ ᠴᠠᠭ᠄
2020/10/20
     ᠡᠪᠡᠰᠦᠨ ᠤ ᠲᠤᠯᠤᠭᠠᠢ ᠰᠢᠷᠭᠠᠯᠳᠤᠨ ᠦᠵᠡᠵᠦ ᠪᠠᠶᠢᠳᠠᠯ᠎ᠠ ᠨᠠᠮᠤᠷ ᠤᠨ ᠬᠤᠭᠤᠰ ᠭᠦᠷᠴᠦ ᠢᠷᠡᠭᠦ ᠲᠡᠰᠢᠷᠠᠮ ᠢᠶᠠᠷ᠂ ᠭᠦᠳᠡᠭᠡ ᠨᠤᠳᠤᠭ ᠤᠨ ᠮᠠᠯᠴᠢᠨ ᠠᠶᠢᠯ ᠤᠳ ᠬᠠᠳᠤᠯᠠᠩ ᠡᠪᠡᠰᠦ ᠪᠠᠨ ᠪᠡᠯᠡᠳᠭᠡᠨ᠂ ᠤᠨᠠᠭᠰᠠᠨ ᠮᠠᠯᠠᠭᠠᠢ ᠠᠪᠬᠤ ᠵᠠᠪ ᠦᠭᠡᠢ ᠶᠠᠭᠠᠷᠠᠨ᠎ᠠ᠃ ᠰᠦᠨᠢᠳ ᠪᠠᠷᠠᠭᠤᠨ ᠬᠤᠰᠢᠭᠤᠨ ᠤ ᠵᠠᠷᠢᠮ ᠭᠠᠵᠠᠷ ᠨᠢ ᠬᠠᠳᠤᠯᠠᠩ ᠡᠪᠡᠰᠦ ᠦᠳᠭᠡᠨ ᠪᠠᠶᠢᠵᠦ᠂ ᠦᠪᠡᠷ ᠦᠪᠡᠷ ᠤᠨ ᠬᠠᠳᠤᠯᠠᠩ ᠡᠪᠡᠰᠦ᠂ ᠲᠠᠷᠢᠬᠰᠠᠨ ᠲᠠᠷᠢᠶ᠎ᠠ ᠪᠠᠨ ᠬᠠᠳᠤᠵᠦ᠂ ᠡᠪᠤᠯ ᠤᠨ ᠪᠡᠯᠡᠳᠭᠡᠯ ᠢᠶᠠᠨ ᠬᠢᠵᠦ ᠶᠠᠭᠠᠷᠠᠨ᠎ᠠ᠃ ᠡᠶᠢᠨᠬᠦ ᠰᠤᠷᠪᠤᠯᠵᠢᠯᠠᠭᠴᠢ ᠠᠶᠠᠨ ᠤ ᠵᠢᠯᠤᠭᠤ ᠪᠠᠨ ᠰᠤᠩᠭᠠᠨ ᠰᠦᠨᠢᠳ ᠨᠤᠳᠤᠭ ᠤᠨ ᠬᠠᠳᠤᠯᠠᠩ ᠢᠶᠠᠷ ᠭᠦᠷᠴᠦ ᠮᠠᠯᠴᠢᠳ ᠲᠠᠢ ᠰᠢᠷᠭᠠᠯ ᠨᠠᠮᠤᠷ ᠤᠨ ᠰᠠᠶᠢᠬᠠᠨ ᠵᠤᠭᠤᠭ ᠢᠶᠠᠨ ᠲᠡᠯᠭᠡᠯ᠎ᠠ᠃      ᠰᠦᠨᠢᠳ ᠪᠠᠷᠠᠭᠤᠨ ᠬᠤᠰᠢᠭᠤᠨ ᠤ ᠵᠢᠷᠦᠭᠡ ᠪᠠᠯᠭᠠᠰᠤᠨ ᠤ ᠴᠠᠭᠠᠬᠠᠭᠤᠯᠠ ᠭᠠᠴᠠᠭᠠᠨ ᠤ ᠮᠠᠯᠴᠢᠨ ᠪᠦᠭᠡᠪᠠᠭᠠᠳᠤᠷ ᠤᠨ ᠬᠢ ᠵᠠᠭᠤ ᠭᠠᠷᠦᠢ ᠪᠤᠭ ᠮᠠᠯ ᠲᠠᠢ᠃ ᠡᠳᠡᠨ ᠤ ᠬᠢ ᠭᠠᠴᠠᠭᠠᠨ ᠤ ᠬᠠᠳᠤᠯᠠᠩ ᠤᠨ ᠭᠦᠷᠢᠶᠡᠨ ᠠᠴᠠ ᠪᠠᠨ ᠭᠤᠴᠢ ᠭᠠᠷᠦᠢ ᠵᠢᠩ ᠤᠨ 200 ᠭᠠᠷᠦᠢ ᠪᠤᠭᠤᠯᠳᠠ ᠡᠪᠡᠰᠦ ᠬᠠᠳᠤᠵᠦ ᠠᠪᠦᠬᠰᠠᠨ ᠮᠦᠷᠳᠡᠭᠡᠨ ᠭᠠᠳᠠᠨ᠎ᠡ ᠠᠴᠠ ᠪᠠᠭ᠎ᠠ ᠰᠠᠭ᠎ᠠ ᠡᠪᠡᠰᠦ ᠬᠤᠳᠠᠯᠳᠤᠨ ᠠᠪᠤᠪᠠᠯ ᠡᠪᠤᠯᠵᠢᠭᠦᠯᠭᠦ ᠮᠠᠯ ᠤᠨ ᠢᠶᠠᠨ ᠡᠪᠤᠯ ᠬᠠᠪᠤᠷ ᠤᠨ ᠪᠡᠯᠡᠳᠭᠡᠯ ᠳᠤ ᠭᠠᠶᠢᠭᠤᠢ ᠭᠦᠷᠴᠢᠭᠡᠭᠦ ᠪᠠᠶᠢᠵᠠᠢ᠃ ᠲᠤᠰ ᠭᠠᠴᠠᠭᠠᠨ ᠤ ᠮᠠᠯᠴᠢᠨ ᠡᠷᠳᠡᠨᠢᠴᠢᠯᠠᠭᠤ ᠶᠢᠨ ᠬᠢ ᠮᠦᠨ ᠴᠦ ᠭᠠᠴᠠᠭᠠᠨ ᠤ ᠬᠠᠳᠤᠯᠠᠩ ᠤᠨ ᠭᠦᠷᠢᠶ᠎ᠠ ᠪᠠ ᠬᠤᠪᠢ ᠶᠢᠨ ᠬᠠᠳᠤᠯᠠᠩ ᠠᠴᠠ ᠪᠠᠨ ᠨᠡᠶᠢᠳᠡ ᠮᠢᠩᠭ᠎ᠠ ᠭᠠᠷᠦᠢ ᠪᠤᠭᠤᠯᠳᠠ ᠡᠪᠡᠰᠦ ᠬᠠᠳᠤᠨ ᠤᠷᠤᠭᠤᠯᠵᠦ᠂ ᠭᠤᠷᠪᠠᠨ ᠲᠦᠮᠡ ᠭᠠᠷᠦᠢ ᠵᠢᠩ ᠡᠪᠡᠰᠦ ᠪᠡᠯᠡᠳᠭᠡᠨ᠂ ᠡᠪᠤᠯᠵᠢᠭᠦᠯᠭᠦ ᠬᠤᠶᠠᠷ ᠵᠠᠭᠤ ᠭᠠᠷᠦᠢ ᠮᠠᠯ ᠳᠤ ᠪᠠᠨ ᠭᠦᠷᠦᠯᠴᠡᠭᠡ ᠲᠠᠢ ᠪᠡᠯᠡᠳᠭᠡᠵᠡᠢ᠃ ᠡᠷᠳᠡᠨᠢᠴᠢᠯᠠᠭᠤ ᠶᠢᠨ ᠭᠡᠯᠡᠭᠦ ᠪᠠᠷ᠂ ᠡᠨᠡ ᠵᠢᠯ ᠭᠠᠳᠠᠨ᠎ᠠ ᠠᠴᠠ ᠡᠪᠡᠰᠦ ᠬᠤᠳᠠᠯᠳᠤᠨ ᠠᠪᠬᠤ ᠦᠭᠡᠢ ᠤᠴᠢᠷ ᠠᠴᠠ 3 — 5 ᠲᠦᠮᠡᠨ ᠲᠦᠭᠦᠷᠢᠭ ᠠᠷᠪᠢᠯᠠᠴᠢᠬᠠᠬᠤ ᠶᠤᠮ ᠪᠠᠶᠢᠨ᠎ᠠ᠃      ᠵᠢᠷᠦᠭᠡ ᠪᠠᠯᠭᠠᠰᠤᠨ ᠤ ᠴᠠᠭᠠᠬᠠᠭᠤᠯᠠ ᠭᠠᠴᠠᠭᠠᠨ ᠤ ᠬᠠᠮᠳᠦ ᠶᠢᠨ ᠬᠠᠳᠤᠯᠠᠩ ᠤᠨ ᠲᠠᠯᠠᠪᠠᠢ ᠭᠡᠵᠦ ᠵᠢᠯ ᠤᠨ ᠵᠢᠯ ᠬᠠᠳᠤᠯᠠᠩ ᠦᠳᠭᠡᠨ ᠭᠠᠷᠳᠠᠭ ᠪᠤᠯᠬᠤᠷ ᠲᠤᠰ ᠭᠠᠴᠠᠭᠠᠨ ᠤ ᠮᠠᠯᠴᠢᠳ ᠬᠠᠳᠤᠯᠠᠩ ᠡᠪᠡᠰᠦᠨ ᠤ ᠲᠦᠯᠦᠭᠡ ᠲᠡᠮᠡᠢ ᠭᠠᠴᠢᠬᠳᠠᠳᠠᠭ ᠦᠭᠡᠢ ᠪᠢᠯᠡ᠃ ᠲᠤᠰ ᠭᠠᠴᠠᠭᠠᠨ ᠤ ᠮᠠᠯᠴᠢᠨ ᠴᠡᠩᠭᠡᠯ ᠤᠨ ᠬᠢᠨ ᠴᠦ ᠦᠪᠡᠷ ᠤᠨ ᠬᠠᠳᠤᠯᠠᠩ ᠤᠨ ᠭᠦᠷᠢᠶᠡᠨ ᠠᠴᠠ ᠪᠠᠨ ᠲᠦᠷᠪᠡᠨ ᠵᠠᠭᠤᠨ ᠪᠤᠭᠤᠯᠳᠠ ᠬᠠᠭᠤᠷᠠᠢ ᠡᠪᠡᠰᠦ ᠵᠢᠴᠢ ᠬᠠᠮᠳᠦ ᠶᠢᠨ ᠬᠠᠳᠤᠯᠠᠩ ᠤᠨ ᠲᠠᠯᠠᠪᠠᠢ ᠠᠴᠠ ᠦᠪᠡᠷ ᠤᠨ ᠪᠤᠯᠤᠨ ᠭᠦᠮᠦᠨ ᠤ ᠬᠠᠳᠤᠯᠠᠩ ᠲᠠᠢ ᠬᠠᠮᠳᠤᠷᠠᠭᠤᠯᠤᠨ 2000 ᠭᠠᠷᠦᠢ ᠪᠤᠭᠤᠯᠳᠠ ᠬᠠᠭᠤᠷᠠᠢ ᠡᠪᠡᠰᠦ ᠨᠦᠭᠡᠴᠡᠯᠡᠨ ᠠᠪᠤᠬᠰᠠᠨ ᠲᠤᠯᠠ ᠭᠤᠷᠪᠠᠨ ᠵᠠᠭᠤ ᠭᠠᠷᠦᠢ ᠪᠤᠭ ᠮᠠᠯ ᠪᠤᠯᠤᠨ ᠵᠢᠷᠠᠭᠠᠳ ᠦᠭᠡᠷ ᠡᠪᠤᠯᠵᠢᠭᠦᠯᠭᠦ ᠳᠤ ᠠᠵᠢᠭ ᠦᠭᠡᠢ ᠭᠦᠷᠴᠢᠭᠡᠨ᠎ᠠ ᠭᠡᠮᠡᠨ ᠶᠠᠷᠢᠵᠦ ᠪᠠᠶᠢᠯ᠎ᠠ᠃      ᠵᠢᠷᠦᠭᠡ ᠪᠠᠯᠭᠠᠰᠤᠨ ᠤ ᠪᠠᠶᠠᠨᠪᠤᠯᠠᠭ ᠭᠠᠴᠠᠭᠠᠨ ᠤ ᠮᠠᠯᠴᠢᠨ ᠢᠷᠦᠭᠡᠯᠳᠦ ᠪᠤᠯᠤᠨ ᠡᠨᠡᠷᠢᠯᠳᠦ ᠠᠬ᠎ᠠ ᠲᠡᠭᠦᠦ ᠬᠤᠶᠠᠷ ᠪᠤᠯᠬᠤᠷ ᠪᠡᠯᠴᠢᠭᠡᠷ ᠤᠨ ᠭᠦᠷᠢᠶ᠎ᠠ ᠪᠤᠯᠤᠨ ᠬᠠᠳᠤᠯᠠᠩ ᠤᠨ ᠭᠦᠷᠢᠶ᠎ᠠ ᠨᠢ ᠬᠠᠮᠳᠦ ᠳᠤ ᠪᠠᠨ ᠪᠠᠶᠢᠵᠦ᠂ ᠬᠤᠶᠠᠷ ᠵᠠᠭᠤ ᠭᠠᠷᠦᠢ ᠮᠦ ᠬᠠᠮᠳᠦ ᠶᠢᠨ ᠬᠠᠳᠤᠯᠠᠩ ᠤᠨ ᠭᠦᠷᠢᠶᠡᠨ ᠠᠴᠠ ᠪᠠᠨ ᠠᠶᠢᠯ ᠪᠦᠷᠢ ᠬᠤᠶᠠᠷ ᠵᠠᠭᠤ ᠭᠠᠷᠦᠢ ᠪᠤᠭᠤᠯᠳᠠ ᠬᠠᠭᠤᠷᠠᠢ ᠡᠪᠡᠰᠦ ᠪᠤᠭᠤᠵᠢᠯᠠᠨ ᠠᠪᠤᠬᠰᠠᠨ ᠢᠶᠠᠷ ᠪᠠᠷᠠᠬᠤ ᠦᠭᠡᠢ᠂ ᠭᠠᠳᠠᠨ᠎ᠠ ᠭᠠᠴᠠᠭᠠᠨ ᠠᠴᠠ ᠡᠷᠦᠭᠡ ᠪᠦᠷᠢ 5 — 9 ᠲᠤᠨ ᠨᠤᠭᠤᠭᠠᠨ ᠲᠠᠷᠤᠰᠢ ᠶᠢ ᠲᠤᠨ ᠪᠦᠷᠢ 480 ᠲᠦᠭᠦᠷᠢᠭ ᠢᠶᠠᠷ ᠬᠤᠳᠠᠯᠳᠤᠨ ᠠᠪᠴᠠᠢ᠃ ᠡᠨᠡᠷᠢᠯᠳᠦ ᠶᠢᠨ ᠬᠢ ᠡᠨᠡ ᠵᠢᠯ ᠭᠤᠷᠪᠠᠨ ᠵᠠᠭᠤ ᠭᠠᠷᠦᠢ ᠪᠤᠭ ᠮᠠᠯ ᠵᠢᠴᠢ ᠵᠢᠷᠠᠭᠠᠳ ᠪᠤᠳᠠ ᠮᠠᠯ ᠡᠪᠤᠯᠵᠢᠭᠦᠯᠭᠦ ᠪᠠᠷ ᠪᠠᠶᠢᠭ᠎ᠠ ᠮᠦᠷᠳᠡᠭᠡᠨ ᠡᠪᠤᠯ ᠤᠨ ᠨᠦᠭᠡᠴᠡᠯᠡᠭᠰᠡᠨ ᠪᠡᠯᠴᠢᠭᠡᠷ ᠤᠨ ᠭᠦᠷᠢᠶ᠎ᠠ ᠨᠢ ᠪᠡᠯᠴᠢᠭᠡᠷ ᠰᠠᠶᠢᠨ ᠲᠤᠯᠠ ᠭᠠᠳᠠᠨ᠎ᠠ ᠠᠴᠠ ᠲᠠᠬᠢᠨ ᠲᠦᠮᠡ ᠭᠠᠷᠦᠢ ᠵᠢᠩ ᠲᠡᠵᠢᠭᠡᠯ ᠪᠤᠷᠳᠤᠭ᠎ᠠ ᠬᠤᠳᠠᠯᠳᠤᠨ ᠠᠪᠤᠪᠠᠯ ᠡᠪᠤᠯ ᠬᠠᠪᠤᠷ ᠤᠨ ᠪᠡᠯᠡᠳᠭᠡᠯ ᠳᠤ ᠪᠠᠨ ᠭᠦᠷᠴᠢᠭᠡᠭᠦ ᠪᠠᠶᠢᠵᠠᠢ᠃ ᠠᠬ᠎ᠠ ᠢᠷᠦᠭᠡᠯᠳᠦ ᠶᠢᠨ ᠬᠢ ᠨᠢ ᠬᠤᠶᠠᠷ ᠵᠠᠭᠤ ᠭᠠᠷᠦᠢ ᠪᠤᠭ ᠮᠠᠯ ᠪᠤᠯᠤᠨ ᠲᠦᠴᠢᠭᠡᠳ ᠪᠤᠳᠠ ᠮᠠᠯ ᠡᠪᠤᠯᠵᠢᠭᠦᠯᠭᠦ ᠲᠤᠯᠠ ᠭᠠᠳᠠᠨ᠎ᠠ ᠠᠴᠠ 15 ᠲᠤᠨ ᠪᠤᠭᠤᠯᠳᠠ ᠲᠠᠢ ᠡᠪᠡᠰᠦ ᠪᠤᠶᠤ 7 ᠲᠤᠨ ᠲᠡᠵᠢᠭᠡᠯ ᠪᠤᠷᠳᠤᠭ᠎ᠠ ᠨᠡᠮᠡᠵᠦ ᠪᠡᠯᠡᠳᠭᠡᠭᠦ ᠴᠢᠬᠤᠯᠠ ᠲᠠᠢ ᠪᠠᠶᠢᠪᠠ᠃      ᠠᠵᠢᠯᠴᠢ ᠮᠠᠯᠴᠢᠳ ᠤᠨ ᠠᠮᠢᠳᠦᠷᠠᠯ ᠤᠨ ᠤᠷ᠎ᠠ ᠤᠬᠠᠭᠠᠨ ᠠᠴᠠ ᠠᠯᠳᠠᠨ ᠨᠠᠮᠤᠷ ᠤᠨ ᠠᠮᠵᠢᠯᠳᠠ ᠬᠢᠯᠠᠯᠵᠠᠵᠦ᠂ ᠨᠠᠮᠤᠷ ᠤᠨ ᠬᠠᠳᠤᠯᠠᠩ ᠦᠳᠭᠡᠨ ᠪᠤᠯ ᠨᠠᠷᠠᠨ ᠤ ᠪᠤᠷᠤ ᠮᠠᠯᠴᠢᠳ ᠤᠨ ᠰᠡᠳᠭᠢᠯ ᠲᠡᠨᠢᠭᠦᠨ ᠠᠵᠢ᠃ ᠰᠠᠶᠢᠬᠠᠬᠤᠢᠯᠵᠠᠢ ᠰᠤᠮᠤᠨ ᠤ ᠨᠤᠭᠤᠭᠠᠨᠴᠡᠩᠭᠡᠯ ᠭᠠᠴᠠᠭᠠᠨ ᠤ ᠮᠠᠯᠴᠢᠨ ᠠᠯᠳᠠᠨᠪᠠᠭᠠᠨ᠎ᠠ ᠠᠴᠠ ᠡᠨᠡ ᠵᠢᠯ ᠤᠨ ᠬᠠᠳᠤᠯᠠᠩ ᠤᠨ ᠲᠤᠬᠠᠢ ᠤᠢᠢᠯᠠᠭᠠᠬᠤ ᠳᠤ᠂ ᠡᠳᠡᠨ ᠤ ᠬᠢᠨ ᠦᠪᠡᠷ ᠤᠨ ᠬᠠᠳᠤᠯᠠᠩ ᠤᠨ ᠭᠦᠷᠢᠶᠡᠨ ᠠᠴᠠ ᠪᠠᠨ 5 ᠲᠤᠨ ᠬᠠᠭᠤᠷᠠᠢ ᠡᠪᠡᠰᠦ ᠬᠠᠳᠤᠨ ᠠᠪᠴᠦ᠂ ᠵᠠᠭᠤ ᠲᠠᠪᠢᠭᠠᠳ ᠪᠤᠭ ᠮᠠᠯ ᠪᠤᠶᠤ ᠭᠤᠴᠢᠭᠠᠳ ᠦᠭᠡᠷ ᠡᠪᠦᠯᠵᠢᠭᠦᠯᠭᠦ ᠪᠠᠷ ᠲᠦᠯᠦᠪᠯᠡᠵᠦ᠂ ᠨᠠᠮᠤᠷ ᠤᠨ ᠪᠡᠯᠡᠳᠭᠡᠯ ᠠᠵᠢᠯ ᠨᠢ ᠰᠢᠪᠳᠤᠷᠠᠭᠠᠨ ᠳᠤ ᠪᠠᠨ ᠤᠷᠤᠪᠠ᠃ ᠵᠢᠷᠦᠭᠡ ᠪᠠᠯᠭᠠᠰᠤᠨ ᠤ ᠪᠠᠶᠠᠨᠪᠤᠯᠠᠭ ᠭᠠᠴᠠᠭᠠᠨ ᠤ ᠰᠡᠷᠭᠦᠯᠡᠩᠪᠠᠭᠠᠳᠦᠷ᠂ ᠪᠦᠭᠡᠪᠠᠭᠠᠳᠤᠷ᠂ ᠠᠯᠳᠠᠨᠴᠢᠮᠡᠭ ᠠᠬ᠎ᠠ ᠲᠡᠭᠦᠦ ᠭᠤᠷᠪᠠᠭᠤᠯᠠ ᠴᠦ ︽ᠪᠢᠯᠢᠭᠡ ᠶᠢᠨ ᠲᠤᠭᠤᠷᠢᠮ︾᠂ ︽ᠬᠠᠷ᠎ᠠ ᠨᠠᠭᠤᠷ ᠤᠨ ᠲᠤᠭᠤᠷᠢᠮ︾ ᠳᠠᠬᠢ ᠦᠳᠭᠡᠨ ᠰᠢᠮᠡᠯᠢᠭ ᠬᠠᠳᠤᠯᠠᠩ ᠤᠨ ᠭᠦᠷᠢᠶᠡᠨ ᠳᠤ ᠪᠠᠨ ᠭᠤᠷᠪᠠᠨ ᠲᠷᠠᠺᠲ᠋ᠤᠷ ᠭᠦᠳᠡᠯᠭᠡᠨ ᠡᠪᠡᠰᠦ ᠪᠠᠨ ᠬᠠᠳᠤᠵᠦ ᠶᠠᠭᠠᠷᠠᠨ᠎ᠠ᠃ ᠡᠨᠡ ᠭᠤᠷᠪᠠᠨ ᠠᠶᠢᠯ ᠭᠠᠳᠠᠨ᠎ᠠ ᠠᠴᠠ ᠡᠪᠡᠰᠦ ᠠᠪᠬᠤ ᠦᠭᠡᠢ ᠪᠠᠷ ᠬᠠᠳᠤᠯᠠᠩ ᠤᠨ ᠡᠪᠡᠰᠦ ᠨᠢ ᠦᠨᠳᠦᠰᠦᠨ ᠳᠤ ᠪᠠᠨ ᠭᠦᠷᠴᠢᠭᠡᠭᠦ ᠶᠤᠮ ᠪᠠᠶᠢᠨ᠎ᠠ᠃      ᠰᠦᠨᠢᠳ ᠪᠠᠷᠠᠭᠤᠨ ᠬᠤᠰᠢᠭᠤᠨ ᠤ ᠵᠢᠷᠦᠭᠡ ᠪᠠᠯᠭᠠᠰᠤᠨ ᠤ ᠪᠠᠶ᠋ᠬᠠᠤᠷᠭᠢᠯ ᠭᠠᠴᠠᠭᠠᠨ ᠤ ᠲᠠᠷᠤᠭ᠎ᠠ᠂ ᠮᠠᠯᠴᠢᠨ ᠬᠤᠪᠢᠰᠬᠠᠯᠳᠦ ᠶᠢᠨ ᠬᠢ ᠦᠪᠡᠷ ᠤᠨ ᠲᠠᠭᠠᠭᠠᠴᠢᠯᠠᠨ ᠬᠠᠮᠢᠶᠠᠷᠤᠬᠰᠠᠨ ᠪᠠᠶ᠋ᠬᠠᠤᠷᠭᠢᠯ ᠭᠠᠴᠠᠭᠠᠨ ᠤ ᠬᠠᠮᠳᠦ ᠶᠢᠨ ᠬᠤᠷᠰᠢᠶᠠᠵᠢᠯ ᠤᠨ ᠦᠨᠳᠦᠷ ᠤᠨᠠᠯᠳᠠᠳᠦ ᠨᠤᠭᠤᠭᠠᠨ ᠲᠠᠷᠤᠰᠢ ᠶᠢᠨ ᠲᠠᠷᠢᠶ᠎ᠠ ᠠᠴᠠ ᠪᠤᠭᠤᠵᠢᠯᠠᠬᠰᠠᠨ ᠨᠤᠭᠤᠭᠠᠨ ᠲᠠᠷᠤᠰᠢ ᠪᠠᠨ ᠭᠠᠴᠠᠭᠠᠨ ᠤ ᠮᠠᠯᠴᠢᠨ ᠡᠷᠦᠭᠡ ᠳᠤ ᠲᠤᠨ ᠪᠦᠷᠢ ᠶᠢ 380 ᠲᠦᠭᠦᠷᠢᠭ ᠤᠨ ᠲᠤᠤᠷ᠎ᠠ ᠦᠨ᠎ᠠ ᠪᠠᠷ ᠬᠤᠳᠠᠯᠳᠤᠨ ᠦᠭᠴᠠᠢ᠃ ᠡᠭᠦᠨ ᠠᠴᠠ ᠭᠠᠳᠠᠨ᠎ᠠ ᠲᠡᠷᠡ ᠮᠠᠨᠢ ᠦᠪᠡᠷ ᠤᠨ ᠲᠠᠷᠢᠬᠰᠠᠨ ᠨᠢᠭᠡ ᠪᠦᠯᠦᠭ ᠨᠤᠭᠤᠭᠠᠨ ᠲᠠᠷᠤᠰᠢ ᠪᠠᠨ ᠭᠠᠳᠠᠭᠰᠢ ᠬᠤᠳᠠᠯᠳᠤᠳᠠᠭ ᠮᠦᠷᠳᠡᠭᠡᠨ ᠬᠤᠳᠠᠯᠳᠤᠭᠰᠠᠨ ᠤᠷᠤᠯᠭ᠎ᠠ ᠪᠠᠷ ᠢᠶᠠᠨ ᠬᠠᠭᠤᠷᠠᠢ ᠡᠪᠡᠰᠦ ᠬᠤᠳᠠᠯᠳᠤᠨ ᠠᠪᠴᠦ᠂ ᠬᠤᠶᠠᠷ ᠵᠠᠭᠤ ᠭᠠᠷᠦᠢ ᠪᠤᠭ ᠮᠠᠯ ᠵᠢᠴᠢ ᠲᠠᠪᠢᠭᠠᠳ ᠪᠤᠳᠠ ᠮᠠᠯ ᠡᠪᠤᠯᠵᠢᠭᠦᠯᠭᠦ ᠪᠠᠷ ᠲᠦᠯᠦᠪᠯᠡᠵᠦ᠂ ᠮᠠᠯ ᠰᠦᠷᠦᠭ ᠢᠶᠠᠨ ᠮᠡᠨᠳᠦ ᠤᠨᠳᠤᠷᠤᠭᠤᠯᠬᠤ ᠪᠠᠷ ᠪᠡᠯᠡᠳᠭᠡᠨ᠎ᠡ᠃ ᠡᠭᠦᠨ ᠲᠠᠢ ᠠᠳᠠᠯᠢ ᠪᠠᠷ ᠰᠦᠨᠢᠳ ᠪᠠᠷᠠᠭᠤᠨ ᠬᠤᠰᠢᠭᠤᠨ ᠤ ᠰᠠᠶᠢᠬᠠᠨᠳᠠᠯ᠎ᠠ ᠪᠠᠯᠭᠠᠰᠤᠨ ᠤ ᠪᠠᠶᠠᠠᠭᠤᠪᠢ ᠭᠠᠴᠠᠭᠠᠨ ᠤ ᠮᠠᠯᠴᠢᠨ ᠰᠡᠴᠡᠨᠪᠢᠯᠢᠭ ᠪᠤᠯᠤᠨ ᠭᠡᠭᠡᠨᠳᠡᠨ᠎ᠠ ᠬᠤᠶᠠᠷ ᠪᠤᠯ ᠦᠪᠡᠷᠳᠡᠭᠡᠨ ᠵᠠᠰᠬᠠᠤ ᠤᠷᠤᠨ ᠤ ︽ᠰᠠᠶᠢᠨ ᠰᠠᠶᠢᠬᠠᠨ ᠭᠡᠷ ᠪᠦᠯᠢ︾ ᠮᠦᠷᠳᠡᠭᠡᠨ ᠦᠭᠡᠷ ᠮᠠᠯᠵᠢᠬᠤ ᠲᠤᠰᠬᠠᠢ ᠡᠷᠦᠭᠡ ᠶᠢᠨ ᠨᠢᠭᠡᠨ ᠪᠢᠯᠡ᠃ ᠡᠳᠡᠨ ᠤ ᠬᠢᠨ ᠦᠪᠡᠷᠰᠡᠳ ᠢᠶᠠᠨ ᠲᠠᠷᠢᠬᠰᠠᠨ ᠨᠤᠭᠤᠭᠠᠨ ᠲᠠᠷᠤᠰᠢ ᠶᠢᠨ ᠲᠠᠷᠢᠶ᠎ᠠ᠂ ᠡᠷᠳᠡᠨᠢ ᠰᠢᠰᠢ᠂ ᠨᠠᠷᠢᠮᠦ ᠶᠢᠨ ᠡᠪᠡᠰᠦ ᠵᠡᠷᠭᠡ ᠬᠤᠶᠠᠷ ᠵᠠᠭᠤᠨ ᠮᠦ ᠲᠠᠷᠢᠶᠠᠨ ᠠᠴᠠ ᠪᠠᠨ ᠨᠢᠭᠡ ᠪᠦᠯᠦᠭ ᠢ ᠨᠢ ᠬᠤᠳᠠᠯᠳᠤᠵᠦ᠂ ᠨᠢᠭᠡ ᠪᠦᠯᠦᠭ ᠢ ᠨᠢ ᠡᠪᠦᠯᠵᠢᠭᠦᠯᠭᠦ ᠨᠠᠶᠠᠭᠠᠳ ᠦᠭᠡᠷ ᠵᠢᠴᠢ ᠬᠤᠶᠠᠷ ᠵᠠᠭᠤ ᠭᠠᠷᠦᠢ ᠬᠤᠨᠢᠨ ᠳᠤ ᠪᠠᠨ ᠡᠯᠪᠡᠭ ᠵᠠᠷᠤᠭᠠᠳ ᠭᠦᠷᠴᠢᠭᠡᠳᠡᠭ ᠪᠠᠶᠢᠪᠡ᠃      ᠰᠦᠨᠢᠳ ᠨᠤᠲᠤᠭ ᠤᠨ ᠮᠠᠯᠴᠢᠳ ᠤᠨ ᠮᠠᠯᠵᠢᠯ ᠤᠨ ᠤᠬᠠᠭᠠᠨ ᠪᠤᠶᠤ ᠦᠪᠡᠷ ᠦᠪᠡᠷ ᠤᠨ ᠢᠶᠠᠨ ᠤᠨᠴᠠᠯᠢᠭ ᠲᠤ ᠲᠤᠬᠢᠷᠠᠬᠰᠠᠨ ᠮᠠᠯᠵᠢᠯᠭ᠎ᠠ ᠶᠢᠨ ᠠᠷᠭ᠎ᠠ ᠲᠤᠷᠰᠢᠯᠭ᠎ᠠ ᠨᠢ ᠰᠢᠷᠭᠠᠯ ᠨᠠᠮᠤᠷ ᠤᠨ ᠰᠠᠶᠢᠬᠠᠨ ᠵᠤᠭᠤᠭ ᠪᠤᠯᠵᠦ ᠶᠠᠷᠢᠬᠳᠠᠨ᠎ᠠ ᠪᠢᠯᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号