ᠰᠢᠨ᠎ᠡ ᠬᠡᠪᠯᠡᠯ ᠤᠨ 5 ᠲᠥᠭᠦᠷᠢᠭ ᠤᠨ ᠴᠠᠭᠠᠰᠤᠨ ᠵᠣᠭᠤᠰ ᠤᠨ ᠬᠠᠭᠤᠷᠮᠠᠭ ᠢ ᠰᠡᠷᠭᠡᠶᠢᠯᠡᠬᠦ ᠰᠢᠨ᠎ᠡ ᠭᠢᠯᠠᠰ ᠴᠡᠭ︕
ᠨᠡᠶᠢᠲᠡᠯᠡᠭᠰᠡᠨ ᠴᠠᠭ᠄
2020/7/21
     ᠳᠤᠮᠳᠠᠳᠤ ᠤᠯᠤᠰ ᠤᠨ ᠠᠷᠠᠳ ᠤᠨ ᠪᠠᠩᠬᠢ 8᠎ ᠤ ᠡᠳᠦᠷ᠂ 11 ᠰᠠᠷ᠎ᠠ ᠶᠢᠨ 5᠎ ᠤ ᠡᠳᠦᠷ ᠠᠴᠠ ᠡᠬᠢᠯᠡᠨ 2020 ᠣᠨ ᠤ ᠬᠡᠪᠯᠡᠯ ᠤᠨ ᠲᠠᠪᠤᠳᠤᠭᠠᠷ ᠢᠵᠢ ᠠᠷᠠᠳ ᠤᠨ ᠵᠣᠭᠤᠰ ᠤᠨ 5 ᠲᠥᠭᠦᠷᠢᠭ ᠤᠨ ᠴᠠᠭᠠᠰᠤᠨ ᠵᠣᠭᠤᠰ ᠲᠠᠷᠬᠠᠭᠠᠨ᠎ᠠ ᠭᠡᠵᠦ ᠨᠡᠶᠢᠲᠡᠯᠡᠵᠡᠢ᠃ ᠰᠢᠨ᠎ᠡ ᠬᠡᠪᠯᠡᠯ ᠤᠨ 5 ᠲᠥᠭᠦᠷᠢᠭ ᠤᠨ ᠴᠠᠭᠠᠰᠤᠨ ᠵᠣᠭᠤᠰ ᠲᠤ ᠶᠠᠮᠠᠷ ᠶᠠᠮᠠᠷ ᠲᠣᠬᠢᠷᠠᠭᠤᠯᠤᠯᠲᠠ ᠬᠢᠭᠰᠡᠨ ᠪᠣᠶ︖ ᠬᠠᠭᠤᠷᠮᠠᠭ ᠢ ᠰᠡᠷᠭᠡᠶᠢᠯᠡᠬᠦ ᠮᠡᠷᠭᠡᠵᠢᠯ ᠪᠠ ᠳᠠᠷᠤᠮᠠᠯᠯᠠᠬᠤ ᠶᠠᠰᠤ ᠴᠢᠨᠠᠷ ᠲᠤ ᠪᠠᠰᠠ ᠶᠠᠮᠠᠷ ᠶᠠᠮᠠᠷ ᠬᠢᠯᠠᠰ ᠴᠡᠭ ᠪᠠ ᠳᠡᠭᠡᠭᠰᠢᠯᠡᠯᠲᠡ ᠲᠠᠢ ᠪᠣᠶ︖  
         ᠠᠷᠠᠳ ᠤᠨ ᠪᠠᠩᠬᠢ ᠶᠢᠨ ᠬᠠᠮᠢᠶ᠎ᠠ ᠪᠦᠬᠦᠢ ᠬᠥᠮᠦᠰ ᠤᠨ ᠲᠠᠨᠢᠯᠴᠠᠭᠤᠯᠤᠭᠰᠠᠨ ᠢᠶᠠᠷ᠂ ᠰᠢᠨ᠎ᠡ ᠬᠡᠪᠯᠡᠯ ᠤᠨ 5 ᠲᠥᠭᠦᠷᠢᠭ ᠤᠨ ᠴᠠᠭᠠᠰᠤᠨ ᠵᠣᠭᠤᠰ ᠤᠨ ᠭᠤᠤᠯ ᠵᠢᠷᠤᠭ ᠳᠦᠷᠰᠦ᠂ ᠭᠤᠤᠯ ᠥᠩᠭᠡ ᠪᠣᠳᠤᠭ ᠵᠡᠷᠭᠡ ᠡᠯᠧᠮᠧᠨ᠋ᠲ ᠢ ᠬᠤᠪᠢᠷᠠᠭᠠᠬᠤ ᠦᠭᠡᠶ ᠪᠠᠶᠢᠬᠤ ᠤᠷᠢᠲᠠᠯ ᠳᠣᠤᠷ᠎ᠠ᠂ ᠨᠢᠭᠤᠷ ᠤᠨ ᠪᠦᠲᠦᠴᠡ ᠶᠢᠨ ᠳᠡᠰ ᠳᠠᠪᠬᠤᠷᠭ᠎ᠠ ᠪᠣᠯᠤᠨ ᠦᠢᠯᠡᠳᠦᠯ ᠢ ᠰᠢᠯᠢᠳᠡᠭᠵᠢᠭᠦᠯᠵᠦ᠂ ᠬᠡᠷᠡᠭᠯᠡᠭᠡᠨ ᠤ ᠬᠠᠭᠤᠷᠮᠠᠭ ᠢ ᠰᠡᠷᠭᠡᠶᠢᠯᠡᠬᠦ ᠮᠡᠷᠭᠡᠵᠢᠯ ᠨᠢ ᠨᠡᠩ ᠳᠠᠪᠰᠢᠩᠭᠤᠢ ᠪᠤᠯᠵᠤ ᠂ ᠪᠠᠶᠢᠷᠢᠯᠠᠭᠤᠯᠤᠯᠲᠠ ᠨᠢ ᠨᠡᠩ ᠵᠦᠢ‌ᠵᠣᠬᠢᠰᠲᠠᠢ ᠪᠣᠯᠣᠨ᠂ ᠪᠦᠬᠦᠯᠢ ᠴᠣᠭᠴᠠ ᠶᠢᠨ ᠬᠠᠭᠤᠷᠮᠠᠭ ᠢ ᠰᠡᠷᠭᠡᠶᠢᠯᠡᠬᠦ ᠴᠢᠳᠠᠪᠤᠷᠢ ᠨᠢ ᠤᠳᠤ ᠶᠢᠨ ᠬᠡᠷᠡᠭᠵᠢᠭᠦᠯᠵᠦ ᠪᠠᠶᠢᠭ᠎ᠠ 2005 ᠣᠨ ᠤ ᠬᠡᠪᠯᠡᠯ ᠤᠨ ᠲᠠᠪᠤᠳᠤᠭᠠᠷ ᠢᠵᠢ ᠠᠷᠠᠳ ᠤᠨ ᠵᠣᠭᠤᠰ ᠤᠨ 5 ᠲᠦᠭᠦᠷᠢᠭ ᠤᠨ ᠴᠠᠭᠠᠰᠤᠨ ᠵᠣᠭᠤᠰ ᠠᠴᠠ ᠢᠯᠡᠳᠲᠡ ᠳᠡᠭᠡᠭᠰᠢᠯᠡᠵᠡᠢ ᠭᠡᠵᠡᠢ᠃              ᠰᠤᠷᠪᠤᠯᠵᠢᠯᠠᠭᠴᠢ ᠠᠷᠠᠳ ᠤᠨ ᠪᠠᠩᠬᠢ ᠠᠴᠠ ᠣᠶᠢᠯᠠᠭᠠᠭᠰᠠᠨ ᠢᠶᠠᠷ᠂ ᠰᠢᠨ᠎ᠡ ᠬᠡᠪᠯᠡᠯ ᠤᠨ 5 ᠲᠥᠭᠦᠷᠢᠭ ᠤᠨ ᠴᠠᠭᠠᠰᠤᠨ ᠵᠣᠭᠤᠰ ᠤᠨ ᠨᠢᠭᠤᠷ ᠤᠨ ᠲᠤᠭ᠎ᠠ ᠶᠢᠨ ᠭᠡᠷᠡᠯ ᠭᠢᠯᠪᠠᠭ᠎ᠠ ᠶᠢ ᠬᠤᠪᠢᠷᠠᠭᠤᠯᠬᠤ᠂ ᠨᠢᠭᠤᠷ ᠤᠨ ᠲᠤᠭ᠎ᠠ ᠶᠢ ᠬᠤᠲᠣᠭᠤᠷ ᠬᠡᠪᠯᠡᠬᠦ ᠲᠣᠬᠢᠷᠠᠯᠴᠠᠭᠤᠯᠤᠨ ᠬᠡᠪᠯᠡᠬᠦ᠂ ᠵᠢᠷᠤᠭ ᠳᠦᠷᠰᠦ ᠶᠢ ᠬᠤᠲᠣᠭᠤᠷ ᠬᠡᠪᠯᠡᠬᠦ ᠲᠣᠬᠢᠷᠠᠯᠴᠠᠭᠤᠯᠤᠨ ᠬᠡᠪᠯᠡᠬᠦ ᠵᠡᠷᠭᠡ ᠬᠠᠭᠤᠷᠮᠠᠭ ᠢ ᠰᠡᠷᠭᠡᠶᠢᠯᠡᠬᠦ ᠣᠨᠴᠠᠯᠢᠭ ᠢ ᠨᠡᠮᠡᠭᠳᠡᠭᠦᠯᠵᠦ᠂ ᠪᠦᠷᠢᠨ ᠵᠠᠩᠭᠢ ᠶᠢᠨ ᠰᠣᠷᠢᠨᠵᠢᠨ ᠴᠢᠨᠠᠷᠲᠤ ᠴᠣᠩᠬᠤ ᠨᠡᠭᠡᠭᠡᠬᠦ ᠠᠮᠤᠷ ᠲᠦᠪᠰᠢᠨ ᠤ ᠱᠤᠭᠤᠮ ᠪᠠ ᠬᠤᠲᠣᠭᠤᠷ ᠳᠠᠷᠤᠮᠠᠯ ᠭᠠᠷ ᠰᠡᠷᠡᠯ ᠤᠨ ᠱᠤᠭᠤᠮ ᠢ ᠦᠭᠡᠶᠢᠰᠬᠡᠨ᠂ ᠰᠣᠷᠢᠨᠵᠢᠨ ᠴᠢᠨᠠᠷᠲᠠᠶ ᠪᠦᠷᠢᠨ ᠪᠤᠯᠠᠬᠤ ᠠᠮᠤᠷ ᠲᠦᠪᠰᠢᠨ ᠤ ᠱᠤᠭᠤᠮ ᠢ ᠬᠡᠷᠡᠭᠯᠡᠪᠡ᠃              ᠬᠢᠯᠠᠰ ᠴᠡᠭ ᠨᠢᠭᠡ᠄ ᠰᠢᠨ᠎ᠡ ᠬᠡᠪᠯᠡᠯ ᠤᠨ 5 ᠲᠦᠭᠦᠷᠢᠭ ᠤᠨ ᠴᠠᠭᠠᠰᠤᠨ ᠵᠣᠭᠤᠰ ᠨᠢ ᠬᠤᠶᠠᠷ ᠲᠠᠯᠠᠲᠤ ᠬᠤᠲᠣᠭᠤᠷ ᠬᠡᠪᠯᠡᠬᠦ ᠲᠣᠬᠢᠷᠠᠯᠴᠠᠭᠤᠯᠤᠨ ᠬᠡᠪᠯᠡᠬᠦ ᠮᠡᠷᠭᠡᠵᠢᠯ ᠢ ᠠᠩᠬ᠎ᠠ ᠬᠡᠷᠡᠭᠯᠡᠪᠡ᠂ ᠡᠨᠡ ᠨᠢ  ᠪᠤᠰᠤᠳ ᠨᠢᠭᠤᠷ ᠲᠤᠭ᠎ᠠ ᠶᠢᠨ ᠴᠠᠭᠠᠰᠤᠨ‌ᠵᠣᠭᠤᠰ ᠲᠤ ᠪᠠᠶᠢᠬᠤ ᠦᠭᠡᠢ ᠮᠡᠷᠭᠡᠵᠢᠯ ᠪᠣᠯᠣᠨ᠎ᠠ᠃ ᠰᠢᠨ᠎ᠡ ᠬᠡᠪᠯᠡᠯ ᠤᠨ 5 ᠲᠥᠭᠦᠷᠢᠭ ᠤᠨ ᠴᠠᠭᠠᠰᠤᠨ ᠵᠣᠭᠤᠰ ᠤᠨ ᠵᠡᠭᠦᠨ ᠳᠣᠤᠷ᠎ᠠ ᠥᠨᠴᠥᠭ᠂ ᠪᠠᠷᠠᠭᠤᠨ ᠳᠡᠭᠡᠷ᠎ᠡ ᠥᠨᠴᠥᠭ᠂ ᠠᠷᠤ ᠲᠠᠯ᠎ᠠ ᠶᠢᠨ ᠵᠡᠭᠦᠨ ᠳᠡᠭᠡᠷ᠎ᠡ ᠥᠨᠴᠥᠭ᠂ ᠪᠠᠷᠠᠭᠤᠨ ᠳᠣᠤᠷ᠎ᠠ ᠥᠨᠴᠥᠭ ᠤᠨ ᠬᠡᠰᠡᠭ ᠵᠢᠷᠤᠭ ᠢ ᠴᠥᠮ ᠬᠤᠲᠣᠭᠤᠷ ᠬᠡᠪᠯᠡᠯ ᠲᠣᠬᠢᠷᠠᠯᠴᠠᠭᠤᠯᠤᠭᠰᠠᠨ ᠬᠡᠪᠯᠡᠯ ᠤᠨ ᠨᠢᠭᠤᠷ ᠤᠨ ᠲᠤᠭ᠎ᠠ ᠪᠠ ᠬᠤᠲᠣᠭᠤᠷ ᠬᠡᠪᠯᠡᠯ ᠲᠣᠬᠢᠷᠠᠯᠴᠠᠭᠤᠯᠤᠭᠰᠠᠨ ᠬᠡᠪᠯᠡᠯ ᠤᠨ ᠵᠢᠷᠤᠭ ᠳᠦᠷᠰᠦ ᠪᠣᠯᠭᠠᠨ ᠲᠣᠬᠢᠷᠠᠭᠤᠯᠵᠠᠢ᠃              ᠭᠢᠯᠠᠰ ᠴᠡᠭ ᠬᠤᠶᠠᠷ᠄ ᠰᠢᠨ᠎ᠡ ᠬᠡᠪᠯᠡᠯ ᠤᠨ 5 ᠲᠥᠭᠦᠷᠢᠭ ᠤᠨ ᠴᠠᠭᠠᠰᠤᠨ ᠵᠣᠭᠤᠰ ᠤᠨ ᠨᠢᠭᠤᠷ ᠲᠠᠯ᠎ᠠ ᠶᠢᠨ ᠳᠤᠮᠳᠠ ᠬᠡᠰᠡᠭ ᠲᠤ ᠭᠡᠷᠡᠯ ᠭᠢᠯᠪᠠᠭ᠎ᠠ ᠬᠤᠪᠢᠷᠠᠭᠤᠯᠬᠤ ᠮᠡᠷᠭᠡᠵᠢᠯ ᠢᠶᠠᠷ ᠨᠢᠭᠤᠷ ᠤᠨ ᠲᠤᠭ᠎ᠠ ᠶᠢ ᠳᠠᠷᠤᠮᠠᠯᠯᠠᠵᠤ᠂ ᠵᠣᠭᠤᠰ ᠤᠨ ᠠᠵᠢᠭᠯᠠᠬᠤ ᠬᠠᠷᠠᠭᠠᠰᠤ ᠶᠢ ᠬᠤᠪᠢᠷᠠᠭᠤᠯᠤᠨ᠂ ᠨᠢᠭᠤᠷ ᠤᠨ ᠲᠤᠭ᠎ᠠ ︽5︾᠎ ᠶᠢᠨ ᠤᠢᠩᠭᠡ ᠨᠢ ᠠᠯᠳᠠᠨ ᠦᠡᠭᠭᠡ ᠪᠠ ᠨᠣᠭᠤᠭᠠᠨ ᠦᠡᠭᠭᠡ ᠶᠢᠨ ᠬᠤᠭᠤᠷᠣᠨᠳᠣ ᠬᠤᠪᠢᠷᠠᠬᠤ ᠶᠢᠨ ᠬᠠᠮᠲᠤ᠂ ᠨᠢᠭᠡ ᠵᠤᠷᠪᠤᠰ ᠭᠡᠭᠡᠨ ᠭᠡᠷᠡᠯ ᠤᠨ ᠪᠦᠰᠡ ᠳᠡᠭᠡᠭᠰᠢ ᠳᠣᠷᠣᠭᠰᠢ ᠬᠦᠳᠡᠯᠬᠦ ᠶᠢ ᠣᠯᠵᠤ ᠬᠠᠷᠠᠨ᠎ᠠ᠃              ᠭᠢᠯᠠᠰ ᠴᠡᠭ ᠭᠤᠷᠪᠠ᠄ ᠪᠤᠵᠠᠷ ᠪᠤᠷᠲᠠᠭ ᠢ ᠡᠰᠡᠷᠭᠦᠴᠡᠨ ᠬᠠᠮᠠᠭᠠᠯᠠᠬᠤ ᠬᠤᠴᠢᠯᠭ᠎ᠠ ᠲᠠᠢ ᠪᠣᠯᠵᠠᠢ᠃      ᠡᠭᠦᠨ ᠠᠴᠠ ᠭᠠᠳᠠᠨ᠎ᠠ᠂ 2005 ᠣᠨ ᠤ ᠬᠡᠪᠯᠡᠯ ᠤᠨ ᠲᠠᠪᠤᠳᠤᠭᠠᠷ ᠢᠵᠢ ᠠᠷᠠᠳ ᠤᠨ ᠵᠣᠭᠤᠰ ᠤᠨ 5 ᠲᠥᠭᠦᠷᠢᠭ ᠤᠨ ᠴᠠᠭᠠᠰᠤᠨ ᠵᠣᠭᠤᠰ ᠲᠠᠢ ᠬᠠᠷᠢᠴᠠᠭᠤᠯᠪᠠᠯ᠂ ᠰᠢᠨ᠎ᠡ ᠬᠡᠪᠯᠡᠯ ᠤᠨ 5  ᠲᠥᠭᠦᠷᠢᠭ ᠤᠨ ᠴᠠᠭᠠᠰᠤᠨ ᠵᠣᠭᠤᠰ ᠨᠢ ᠨᠢᠭᠤᠷ ᠤᠨ ᠦᠢᠯᠡᠳᠦᠯ᠂ ᠪᠠᠶᠢᠷᠢᠯᠠᠭᠤᠯᠤᠯᠲᠠ ᠵᠡᠷᠭᠡ ᠳᠤ ᠲᠣᠬᠢᠷᠠᠭᠤᠯᠤᠯᠲᠠ ᠬᠢᠭᠰᠡᠨ ᠪᠠᠶᠢᠨ᠎ᠠ᠃      ᠲᠠᠨᠢᠯᠴᠠᠭᠤᠯᠤᠭᠰᠠᠨ ᠢᠶᠠᠷ᠂ ᠰᠢᠨ᠎ᠡ ᠬᠡᠪᠯᠡᠯ ᠤᠨ 5 ᠲᠥᠭᠦᠷᠢᠭ ᠤᠨ ᠴᠠᠭᠠᠰᠤᠨ ᠵᠣᠭᠤᠰ ᠤᠨ ᠵᠡᠭᠦᠨ ᠲᠠᠯ᠎ᠠ ᠳᠤ ᠵᠠᠰᠠᠯ ᠴᠢᠮᠡᠭᠯᠡᠯ ᠤᠨ ᠬᠡ ᠤᠭᠠᠯᠵᠠ ᠨᠡᠮᠡᠵᠦ᠂ ᠨᠢᠭᠤᠷ ᠤᠨ ᠲᠤᠭ᠎ᠠ ᠶᠢᠨ ᠴᠠᠭᠠᠨ ᠤᠰᠤᠨ ᠬᠡᠪᠯᠡᠯ ᠤᠨ ᠪᠠᠶᠢᠷᠢ ᠶᠢ ᠲᠣᠬᠢᠷᠠᠭᠤᠯᠵᠤ᠂ᠵᠡᠭᠦᠨ ᠲᠠᠯ᠎ᠠ ᠶᠢᠨ ᠴᠡᠴᠡᠭ ᠬᠤᠸᠠᠷ ᠤᠨ ᠤᠰᠤᠨ ᠬᠡᠪᠯᠡᠯ᠂ ᠵᠡᠭᠦᠨ ᠲᠠᠯ᠎ᠠ ᠶᠢᠨ ᠬᠥᠨᠳᠡᠯᠡᠨ ᠨᠣᠮᠧᠷ᠂ ᠳᠤᠮᠳᠠ ᠬᠡᠰᠡᠭ ᠤᠨ ᠴᠢᠮᠡᠭᠯᠡᠯ ᠤᠨ ᠪᠥᠭᠡᠮ ᠴᠡᠴᠡᠭ᠂ ᠪᠠᠷᠠᠭᠤᠨ ᠲᠠᠯ᠎ᠠ ᠶᠢᠨ ᠮᠠᠤ ᠽᠧ ᠳ᠋ᠦᠩ ᠤᠨ ᠲᠣᠯᠣᠭᠠᠶ ᠶᠢᠨ ᠬᠦᠷᠦᠭ ᠤᠨ ᠬᠡᠯᠪᠡᠷᠢ ᠶᠢ ᠲᠣᠬᠢᠷᠠᠭᠤᠯᠪᠠ︔ ᠠᠷᠤ ᠲᠠᠯ᠎ᠠ ᠶᠢᠨ ᠭᠤᠤᠯ ᠦᠵᠡᠮᠵᠢ᠂ ᠨᠢᠭᠤᠷ ᠤᠨ ᠲᠤᠭ᠎ᠠ ᠶᠢᠨ ᠬᠡᠯᠪᠡᠷᠢ ᠮᠠᠶ᠋ᠢᠭ ᠢ ᠲᠣᠬᠢᠷᠠᠭᠤᠯᠵᠤ᠂ ᠪᠢᠯᠧᠲ ᠤᠨ ᠣᠨ ᠤ ᠳ᠋ᠤᠭᠠᠷ ᠢ ︽2020 ᠣᠨ︾  ᠭᠡᠵᠦ ᠬᠠᠯᠠᠪᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号