ᠮᠠᠨᠳᠤᠬᠤ᠂ 1958 ᠤᠨ ᠳᠤ ᠰᠢᠯᠢ ᠶᠢᠨ ᠭᠤᠤᠯ ᠠᠶᠢᠮᠠᠭ ᠤᠨ ᠰᠦᠨᠢᠳ ᠪᠠᠷᠠᠭᠤᠨ ᠬᠤᠰᠢᠭᠤᠨ ᠤ | ᠰᠠᠶᠢᠬᠠᠠᠠᠦ᠋ᠯᠵᠡᠢ ᠰᠤᠮᠤᠨ ᠤ ᠨᠤᠭᠤᠭᠠᠨᠳᠠᠯ᠎ᠠ ᠭᠠᠴᠠᠭᠠᠨ ᠳᠤ ᠲᠦᠷᠦᠪᠡ᠃ 2013 ᠤᠨ ᠳᠤ ︽ᠶᠠᠰᠦᠨ ᠤᠷᠠᠯᠠᠯ︾ | ᠤᠨ ᠪᠤᠳᠠᠰ ᠤᠨ ᠪᠤᠰᠤ ᠰᠤᠶᠤᠯ ᠤᠨ ᠦᠪ ᠤᠨ ᠰᠢᠯᠢ ᠶᠢᠨ ᠭᠤᠤᠯ ᠠᠶᠢᠮᠠᠭ ᠤᠨ ᠳᠡᠰ ᠤᠨ ᠦᠪᠯᠡᠨ | ᠤᠯᠠᠮᠵᠢᠯᠠᠭᠴᠢ ᠪᠠᠷ ᠰᠤᠩᠭᠤᠭᠳᠠᠵᠠᠢ᠃ | ᠮᠠᠨᠳᠤᠬᠤ ᠬᠠᠷᠠᠬᠠᠨ ᠪᠠᠭ᠎ᠠ ᠠᠴᠠ ᠪᠠᠨ ᠭᠠᠷ ᠤᠷᠠᠯᠠᠯ ᠳᠤ ᠲᠤᠷ᠎ᠠ ᠪᠠᠬ᠎ᠠ ᠲᠠᠢ᠂ 13 ᠨᠠᠰᠤᠨ ᠠᠴᠠ ᠪᠠᠨ | ᠡᠬᠢᠯᠡᠵᠦ ᠮᠤᠷᠢᠨ ᠬᠤᠰᠤᠭᠤᠷ᠂ ᠮᠤᠩᠭᠤᠯ ᠰᠢᠳᠠᠷ᠎ᠠ᠂ ᠡᠮᠡᠭᠡᠯ᠂ ᠮᠤᠷᠢᠨ ᠬᠤᠭᠤᠷ ᠵᠡᠷᠭᠡ ᠶᠢ ᠰᠠᠶᠢᠯᠵᠦ | ᠤᠷᠤᠯᠳᠤᠳᠠᠭ ᠪᠠᠶᠢᠭᠰᠠᠨ ᠠᠴᠠ ᠪᠠᠨ ᠶᠠᠰᠤᠨ ᠤ ᠨᠡᠷᠡᠶᠢᠳᠦᠯ ᠢ ᠬᠠᠮᠠᠭᠠᠯᠠᠵᠦ ᠬᠦᠭᠵᠢᠬᠦᠯᠦᠶ᠎ᠡ ᠭᠡᠰᠡᠨ ᠵᠤᠷᠢᠯᠭ᠎ᠠ ᠪᠠᠷ | 2000 ᠤᠨ ᠠᠴᠠ ᠶᠠᠰᠦᠨ ᠤᠷᠠᠯᠠᠯ ᠬᠢᠵᠦ ᠡᠬᠢᠯᠡᠵᠡᠢ᠃ | ᠮᠠᠨᠳᠤᠬᠤ ᠭᠤᠸᠠᠢ ᠶᠢᠨ ᠶᠠᠰᠦᠨ ᠤᠷᠠᠯᠠᠯ ᠤᠨ ᠤᠨᠴᠠᠯᠢᠭ ᠨᠢ ᠮᠠᠯ ᠤᠨ ᠶᠠᠰᠤᠨ ᠤ ᠤᠭ ᠲᠦᠷᠰᠦ ᠶᠢ | ᠡᠪᠳᠡᠳᠡᠭ ᠦᠭᠡᠢ᠃ ᠢᠩᠬᠢᠵᠦ ᠬᠢᠵᠦ ᠪᠠᠶᠢᠭ᠎ᠠ ᠨᠢ ᠬᠡᠤᠬᠡᠳ ᠲᠡᠭᠦᠨᠡᠷ ᠲᠤ ᠪᠠᠨ ᠮᠠᠯ ᠤᠨ ᠶᠠᠰᠦᠨ ᠤ ᠪᠦᠲᠦᠴᠡ᠂ | ᠨᠡᠷᠡᠶᠢᠳᠦᠯ ᠢ ᠲᠠᠨᠢᠭᠤᠯᠬᠤ ᠶᠢᠨ ᠲᠦᠯᠦᠭᠡ ᠶᠤᠮ᠃ ᠪᠦᠬᠦᠶᠢᠯᠡ ᠶᠠᠰᠦ ᠶᠢ ᠲᠦᠷᠰᠦ ᠪᠠᠷ ᠨᠢ ᠰᠡᠶᠢᠯᠵᠦ᠂ | ᠪᠠᠷᠢᠯᠳᠤᠵᠦ ᠪᠠᠶᠢᠭ᠎ᠠ ᠪᠦᠬᠡ᠂ ᠤᠷᠤᠯᠳᠤᠵᠦ ᠪᠠᠶᠢᠭ᠎ᠠ ᠮᠤᠷᠢ᠂ ᠪᠡᠯᠴᠢᠵᠦ ᠪᠠᠶᠢᠭ᠎ᠠ ᠮᠠᠯ ᠰᠦᠷᠦᠭ ᠵᠡᠷᠭᠡ ᠨᠡᠭᠦᠳᠡᠯ | ᠠᠮᠢᠳᠤᠷᠠᠯ ᠤᠨ ᠪᠤᠷᠤ ᠵᠢᠷᠤᠭ ᠢ ᠳᠤᠳᠤᠷᠠᠭᠤᠯᠤᠭᠰᠠᠨ ᠪᠦᠲᠦᠭᠡᠯ ᠨᠢ ᠳᠤᠳᠤᠭᠠᠲᠦ ᠭᠠᠳᠠᠭᠠᠲᠦ ᠶᠢᠨ | ᠵᠢᠭᠤᠯᠴᠢᠯᠠᠭᠴᠢᠳ ᠤᠨ ᠰᠤᠨᠢᠷᠬᠠᠯ ᠢ ᠳᠠᠳᠠᠵᠦ ᠪᠠᠶᠢᠳᠠᠭ᠃ | ᠬᠠᠶᠠᠭᠳᠠᠮᠠᠯ ᠶᠠᠰᠤ ᠶᠢ ︽ᠬᠠᠰ︾ ᠮᠡᠲᠦ ᠨᠠᠨᠳᠢᠩᠨᠡᠨ ᠤᠷᠠᠯᠠᠵᠦ ᠰᠡᠶᠢᠯᠦᠭᠡᠳ᠂ ᠭᠠᠷ ᠤᠷᠠᠯᠠᠯ ᠤᠨ | ᠪᠦᠲᠦᠭᠡᠭᠳᠡᠬᠦᠨ᠂ ᠮᠠᠯᠵᠢᠬᠤ ᠰᠤᠶᠤᠯ ᠤᠨ ᠠᠴᠢᠶᠠᠯᠠᠭᠴᠢ᠂ ᠠᠶᠠᠯᠠᠯ ᠵᠢᠭᠤᠯᠴᠢᠯᠠᠯ ᠤᠨ ᠳᠤᠷᠠᠰᠬᠠᠯ ᠤᠨ ᠡᠳ᠋ | ᠪᠤᠯᠭᠠᠨ ᠵᠠᠬ᠎ᠠ ᠳᠡᠯᠭᠡᠭᠦᠷ ᠳᠡᠭᠡᠷ᠎ᠡ ᠪᠤᠷᠤᠯᠠᠭᠤᠯᠤᠨ᠂ ᠠᠰᠢᠭ ᠤᠷᠤᠯᠭ᠎ᠠ ᠤᠯᠤᠨ᠎ᠠ ᠭᠡᠳᠡᠭ ᠪᠦᠲᠦᠭᠡᠯᠴᠢ ᠠᠵᠢᠯ | ᠪᠤᠶᠠᠨᠲᠦ ᠤᠶᠢᠯᠡᠰ ᠪᠠᠶᠢᠭ᠎ᠠ ᠶᠤᠮ᠃ ᠮᠠᠨᠳᠤᠬᠤ ᠭᠤᠸᠠᠢ ᠶᠢᠨ ᠵᠠᠷᠢᠮ ᠪᠦᠲᠦᠭᠡᠯ ᠨᠢ ᠬᠡᠳᠦᠨ ᠮᠢᠩᠭ᠎ᠠ᠂ ᠴᠢᠨᠠᠭᠰᠢᠯᠠᠨ | ᠬᠡᠳᠦᠨ ᠲᠦᠮᠡᠨ ᠲᠦᠭᠦᠷᠢᠭ ᠲᠤ ᠬᠦᠷᠳᠡᠭ ᠴᠦ ᠪᠤᠢ᠃ | ᠮᠠᠨᠳᠤᠬᠤ ᠭᠤᠸᠠᠢ 2013 ᠤᠨ ᠠᠴᠠ ᠡᠳᠦᠭᠡ ᠪᠤᠯᠳᠠᠯ᠎ᠠ ᠰᠤᠷᠭᠠᠭᠤᠯᠢ ᠶᠢᠨ ᠬᠦᠷᠢᠶᠡᠨ ᠤ ᠵᠠᠯᠠᠭᠤᠴᠤᠳ | ᠪᠠᠭᠠᠴᠤᠳ ᠲᠤ ᠶᠠᠮᠠᠷᠴᠦ ᠬᠦᠯᠦᠰᠦ ᠬᠠᠷᠠᠮᠵᠢ ᠦᠭᠡᠢ ᠪᠠᠷ ᠶᠠᠰᠦᠨ ᠤ ᠨᠡᠷᠡᠶᠢᠳᠦᠯ᠂ ᠶᠠᠰᠦᠨ ᠤᠷᠠᠯᠠᠯ ᠢ | ᠤᠯᠠᠮᠵᠢᠯᠠᠵᠦ ᠵᠢᠭᠠᠭᠠᠳ ᠠᠷᠪᠠᠭᠠᠳ ᠵᠢᠯ ᠤᠨ ᠨᠢᠭᠤᠷ ᠢ ᠦᠵᠡᠵᠦ ᠪᠠᠶᠢᠨ᠎ᠠ᠃ ᠪᠠᠰᠠ ᠵᠧᠵᠢᠶᠠᠩ᠂ ᠭᠤᠸᠠᠩᠵᠸᠤ᠂ | ᠵᠦᠬᠠᠢ ᠵᠡᠷᠭᠡ ᠮᠤᠵᠢ ᠬᠤᠳᠠ ᠶᠢᠨ ᠶᠡᠭᠡ ᠰᠤᠷᠭᠠᠭᠤᠯᠢ ᠤᠳ ᠤᠨ ᠤᠷᠢᠯᠭ᠎ᠠ ᠪᠠᠷ ᠪᠤᠳᠠᠰ ᠤᠨ ᠪᠤᠰᠤ ᠰᠤᠶᠤᠯ ᠤᠨ | ᠦᠪ ᠤᠨ ᠲᠤᠰᠬᠠᠢ ᠮᠡᠷᠭᠡᠵᠢᠯ ᠰᠤᠷᠴᠦ ᠪᠠᠶᠢᠭ᠎ᠠ ᠤᠶᠤᠳᠠᠳ ᠲᠤ ᠶᠠᠰᠦᠨ ᠤᠷᠠᠯᠠᠯ ᠤᠨ ᠮᠡᠷᠭᠡᠵᠢᠯ᠂ ᠪᠤᠯᠪᠠᠰᠤᠷᠠᠯ | ᠤᠨ ᠬᠢᠴᠢᠶᠡᠯ ᠵᠢᠭᠠᠵᠦ ᠤᠯᠠᠮᠵᠢᠯᠠᠯᠲᠦ ᠰᠤᠶᠤᠯ ᠤᠨ ᠦᠪ ᠢᠶᠠᠨ ᠲᠡᠭᠦᠤᠨᠡᠷ ᠬᠡᠤᠬᠡᠳ ᠤᠨ ᠢᠶᠠᠨ ᠤᠶᠤᠨ ᠤ ᠰᠠᠩ | ᠳᠤ ᠬᠠᠳᠠᠩᠰᠢᠭᠤᠯᠵᠦ ᠶᠠᠪᠤᠨ᠎ᠠ᠃ ᠮᠦᠨᠴᠦ ᠤᠷᠤᠨ ᠤ ᠳᠤᠳᠤᠨ᠎ᠠ ᠭᠠᠳᠠᠨᠠᠬᠢ ᠭᠠᠷ ᠤᠷᠠᠯᠠᠯ ᠤᠨ ᠦᠵᠡᠬᠦᠯᠦᠯᠭᠡ ᠳᠤ | ᠤᠯᠠᠨᠳᠠ ᠤᠷᠤᠯᠴᠠᠵᠦ᠂ ᠬᠦᠳᠡᠯᠮᠤᠷᠢ ᠶᠢᠨ ᠠᠯᠳᠠᠨ ᠮᠧᠳᠠᠯ ᠢ ᠡᠩᠭᠡᠷ ᠲᠦᠭᠦᠷᠡᠩ ᠬᠢᠯᠠᠯᠵᠠᠭᠤᠯᠵᠦ᠂ ᠪᠠᠬ᠎ᠠ ᠲᠠᠢ | ᠤᠶᠢᠯᠡᠰ ᠲᠤ ᠪᠠᠨ ᠤᠷᠮ᠎ᠠ ᠲᠠᠢ ᠠᠵᠢᠯᠯᠠᠵᠦ ᠶᠠᠪᠤᠨ᠎ᠠ᠃ |