ᠬᠠᠮᠤᠭ ᠪᠤᠳᠠᠰ ᠠᠮᠢᠯᠠᠨ ᠰᠡᠷᠭᠦᠭᠰᠡᠨ ᠬᠠᠪᠤᠷ ᠴᠠᠭ ᠢᠶᠠᠷ᠂ ᠰᠦᠨᠢᠳ ᠨᠤᠳᠤᠭ ᠤᠨ ᠮᠠᠯᠴᠢᠳ ᠲᠦᠯ ᠳᠤᠰᠬᠤ | ᠶᠠᠭᠠᠷᠠᠯᠳᠠᠢ ᠦᠶ᠎ᠡ ᠶᠢ ᠤᠭᠳᠤᠨ᠂ ᠪᠡᠯᠡᠳᠭᠡᠯ ᠰᠠᠶᠢᠳᠠᠢ ᠬᠠᠪᠤᠷᠵᠢᠵᠤ ᠪᠠᠶᠢᠨ᠎ᠠ᠃ | ᠡᠷᠢᠶᠡᠨᠨᠠᠭᠤᠷ ᠰᠤᠮᠤᠨ ᠤ ᠠᠮᠬᠠᠤᠰᠤ ᠭᠠᠴᠠᠭᠠᠨ ᠤ ᠮᠠᠯᠴᠢᠨ ᠪᠤᠯᠤᠳᠪᠠᠭᠠᠳᠤᠷ ᠤᠨ ᠬᠢᠨ ︽ᠰᠦᠨᠢᠳ | ᠬᠤᠨᠢᠨ ᠤ ᠭᠤᠤᠯ ᠰᠦᠷᠦᠭ︾ ᠤᠨ ᠮᠠᠯᠵᠢᠬᠤ ᠡᠷᠦᠬᠡ ᠪᠠᠷ ᠳᠤᠭᠳᠠᠭᠠᠭᠳᠠᠨ ᠂ 300 ᠭᠠᠷᠤᠶ ᠡᠬᠡ ᠮᠠᠯ ᠮᠠᠯᠵᠢᠵᠤ᠂ | ᠤᠳᠤᠬᠠᠨ ᠪᠤᠯᠳᠠᠯ᠎ᠠ 140 ᠭᠠᠷᠤᠢ ᠲᠦᠯ ᠳᠤᠰᠤᠭᠠᠳ ᠪᠤᠢ᠃ ᠨᠢᠳᠤᠨᠤᠨ ᠡᠳᠡᠨᠡᠶᠢᠬᠢᠨ 230 ᠭᠠᠷᠤᠢ ᠬᠤᠷᠠᠭ᠎ᠠ | ᠬᠤᠳᠠᠯᠳᠤᠵᠤ᠂ 10 ᠲᠦᠮᠡᠨ ᠲᠥᠭᠦᠷᠢᠭ ᠤᠨ ᠣᠷᠣᠯᠭ᠎ᠠ ᠤᠯᠵᠠᠢ᠃ | ᠠᠮᠬᠠᠤᠰᠤ ᠭᠠᠴᠠᠭᠠᠨ ᠤ ᠮᠠᠯᠴᠢᠨ ᠰᠣᠶᠣᠯᠲᠤ ᠶᠢᠨ ᠬᠢᠨ 180 ᠬᠤᠨᠢ 30 ᠦᠬᠡᠷ ᠮᠠᠯᠵᠢᠵᠤ᠂ ᠤᠳᠤᠬᠠᠨ | ᠳᠤ᠂ ᠭᠤᠴᠢᠭᠠᠳ ᠬᠤᠨᠢ ᠲᠦᠯᠯᠡᠵᠦ᠂ ᠬᠤᠳᠠ ᠬᠤᠷᠤᠭᠠᠨ ᠤ ᠪᠠᠨ ᠠᠵᠢᠯ ᠳᠤ ᠶᠠᠭᠠᠷᠠᠯᠳᠤᠵᠤ ᠪᠠᠶᠢᠯ᠎ᠠ᠃ | ᠮᠠᠨ ᠤ ᠬᠤᠰᠢᠭᠤ ᠣᠳᠣᠬᠠᠨ ᠳᠤ᠂ ᠶᠠᠭ ᠲᠥᠯ ᠳᠤᠰᠬᠤ ᠶᠠᠭᠠᠷᠠᠯᠳᠠᠢ ᠴᠠᠭ ᠢ ᠤᠭᠳᠤᠨ᠂ ᠬᠠᠪᠤᠷ ᠤᠨ | ᠤᠯᠠᠷᠢᠯ ᠤᠨ ᠮᠠᠯ ᠠᠵᠤ ᠠᠬᠤᠶ ᠶᠢᠨ ᠦᠢᠯᠡᠳᠪᠦᠷᠢᠯᠡᠯ ᠤᠨ ᠴᠢᠬᠤᠯᠠ ᠱᠠᠲᠤ ᠦᠶ᠎ᠡ ᠳᠤ ᠤᠷᠤᠭᠠᠳ ᠪᠣᠶ᠃ | ᠤᠳᠤᠬᠠᠨ ᠪᠣᠯᠲᠠᠯ᠎ᠠ᠂ ᠪᠦᠬᠦ ᠬᠤᠰᠢᠭᠤ ᠪᠠᠷ ᠢᠶᠠᠨ 217459 ᠲᠥᠯ ᠲᠤᠰᠴᠤ᠂ 2025 ᠣᠨ ᠳᠤ | ᠵᠢᠱᠢᠯᠲᠡ ᠪᠠᠷ 362589 ᠲᠥᠯ ᠲᠣᠰᠬᠤ ᠪᠣᠯᠤᠨ᠎ᠠ᠃ ᠣᠶᠢᠷ᠎ᠠ ᠶᠢᠨ ᠵᠢᠯ ᠳᠤ᠂ ᠮᠠᠨ ᠤ ᠬᠤᠰᠢᠭᠤ ᠰᠥᠨᠢᠳ | ᠬᠤᠨᠢᠨ ᠤ ︽ᠭᠤᠤᠯᠳᠠᠯᠭᠠᠲᠦ ᠡᠭᠦᠯᠳᠡᠷ ᠪᠤᠶᠢᠵᠢᠭᠤᠯᠬᠤ ᠲᠠᠯᠠᠪᠠᠢ + ᠥᠷᠭᠡᠳᠬᠡᠨ ᠦᠷᠡᠵᠢᠭᠦᠯᠬᠦ ᠲᠠᠯᠠᠪᠠᠶ + | ᠭᠤᠤᠯ ᠰᠦᠷᠦᠭ︾ ᠭᠤᠷᠪᠠᠨ ᠳᠡᠰ ᠤᠨ ᠥᠷᠭᠡᠳᠬᠡᠨ ᠪᠤᠶᠢᠵᠢᠭᠤᠯᠬᠤ ᠰᠢᠰᠲ᠋ᠧᠮ ᠢ ᠪᠣᠶ ᠪᠣᠯᠭᠠᠬᠤ ᠶᠢ ᠳᠥᠯᠭᠢᠨ | ᠠᠬᠢᠭᠤᠯᠵᠤ᠂ 1 ᠤᠯᠤᠰ ᠤᠨ ᠲᠡᠰ ᠤᠨ ᠮᠢᠬᠠᠨ ᠤ ᠬᠤᠨᠢᠨ ᠤ ᠭᠤᠤᠯᠳᠠᠯᠭᠠᠲᠦ ᠡᠭᠦᠯᠳᠡᠷ ᠪᠤᠶᠢᠵᠢᠭᠤᠯᠬᠤ ᠲᠠᠯᠠᠪᠠᠢ᠂ | 143 ᠰᠥᠨᠢᠳ ᠬᠤᠨᠢᠨ ᠤ ᠭᠤᠤᠯᠳᠠᠯᠭᠠᠲᠤ ᠰᠦᠷᠦᠭ᠂ 14 ᠬᠤᠶᠠᠳᠤᠭᠠᠷ ᠳᠡᠰ ᠤᠨ ᠥᠷᠭᠡᠳᠬᠡᠨ ᠪᠤᠶᠢᠵᠢᠭᠤᠯᠬᠤ | ᠲᠠᠯᠠᠪᠠᠶ᠂ 21 ᠬᠤᠴᠠ ᠮᠠᠯᠵᠢᠬᠤ ᠲᠤᠰᠬᠠᠶ ᠡᠷᠦᠬᠡ᠂ 42 ᠬᠤᠴᠠ ᠲᠥᠪᠯᠡᠷᠡᠭᠦᠯᠦᠨ ᠬᠠᠮᠢᠶᠠᠷᠬᠤ ᠴᠡᠭ ᠪᠠᠶᠢᠵᠤ᠂ | ᠮᠠᠯ ᠠᠵᠤ ᠠᠬᠤᠶ ᠶᠢᠨ ᠬᠥᠭᠵᠢᠯᠲᠡ ᠶᠢᠨ ᠬᠠᠨᠳᠤᠰᠢ ᠶᠡᠭᠡ ᠰᠠᠶᠢᠨ ᠪᠠᠶᠢᠨ᠎ᠠ᠃ |